ᠮᠦᠩᠭᠦᠨ ᠠᠶᠠᠭᠠᠨ ᠳᠤ ᠠᠶᠢᠷᠠᠭ ᠲᠠᠷᠠᠭ ᠬᠢᠪᠡᠯ ᠬᠢᠯᠪᠠᠷᠬᠠᠨ ᠢᠰᠬᠦ ᠦᠭᠡᠢ ᠪᠠᠶᠢᠳᠠᠭ᠃ ᠮᠦᠩᠭᠦᠨ | ᠰᠠᠪᠬ᠎ᠠ ᠪᠠ ᠮᠦᠩᠭᠦᠨ ᠠᠶᠠᠭᠠᠨ ᠳᠤ ᠬᠤᠭᠤᠯᠠ ᠬᠢᠪᠡᠯ ᠬᠤᠤᠷᠠᠲᠤ ᠢᠳᠡᠭᠡᠨ ᠮᠦᠨ ᠡᠰᠡᠬᠦ ᠶᠢ ᠬᠢᠯᠪᠠᠷᠬᠠᠨ | ᠲᠤᠳᠤᠯᠠᠵᠤ ᠴᠢᠳᠠᠨ᠎ᠠ᠂ ᠬᠡᠷᠪᠡ ᠮᠦᠩᠭᠦᠨ ᠰᠠᠪᠠᠨ ᠳᠤ ᠤᠰᠤ ᠬᠢᠵᠦ ᠬᠤᠸᠠᠷ ᠬᠠᠳᠬᠤᠪᠠᠯ ᠬᠤᠸᠠᠷ ᠨᠢ ᠤᠳᠠᠭᠠᠨ | ᠳᠡᠯᠭᠡᠷᠡᠬᠦ ᠮᠦᠷᠲᠡᠭᠡᠨ ᠬᠢᠯᠪᠠᠷᠬᠠᠨ ᠢᠯᠵᠢᠷᠡᠬᠦ ᠦᠭᠡᠢ᠂ ᠮᠦᠩᠭᠦᠨ ᠤ ᠬᠠᠪᠲᠠᠭᠠᠢ ᠶᠢ ᠰᠢᠷᠬᠠᠨ ᠳᠤ ᠲᠠᠯᠪᠢᠵᠤ ᠪᠠᠶᠢᠪᠠᠯ | ᠡᠳᠡᠭᠡᠷᠡᠬᠦ ᠨᠢ ᠲᠦᠷᠭᠡᠨ ᠪᠠᠶᠢᠳᠠᠭ᠃ ᠡᠨᠡ ᠪᠦᠬᠦᠨ ᠨᠢ ᠴᠦᠮ ᠮᠦᠩᠭᠦ ᠪᠠᠺᠲ᠋ᠧᠷᠢ ᠶᠢ ᠤᠰᠠᠳᠬᠠᠬᠤ ᠬᠦᠴᠦᠨ | ᠴᠢᠳᠠᠯ ᠢᠶᠠᠷ ᠶᠡᠭᠡ ᠪᠠᠶᠢᠳᠠᠭ ᠠᠴᠠ ᠪᠤᠯᠤᠭᠰᠠᠨ ᠶᠤᠮ᠃ ᠮᠤᠩᠭᠤᠯᠴᠤᠳ ᠮᠦᠩᠭᠦᠨ ᠠᠶᠠᠭ᠎ᠠ ᠪᠠ ᠮᠦᠩᠭᠦᠨ | ᠬᠤᠨᠳᠠᠭ᠎ᠠ ᠶᠢ ᠬᠡᠷᠡᠭᠯᠡᠬᠦ ᠨᠢ ᠨᠢᠭᠡᠨ ᠬᠦᠨᠳᠦᠳᠬᠡᠯ ᠤᠨ ᠵᠠᠩ ᠳᠠᠳᠬᠠᠯ ᠪᠤᠯᠬᠤ ᠪᠠᠷ ᠪᠠᠷᠠᠬᠤ ᠦᠭᠡᠢ᠂ ᠡᠭᠦᠨ ᠳᠤ | ᠡᠷᠡᠭᠦᠯ ᠬᠠᠮᠠᠭᠠᠯᠠᠯ ᠤᠨ ᠤᠬᠠᠭᠠᠨ ᠶᠡᠬᠡᠪᠡᠷ ᠠᠬᠤᠭᠤᠯᠤᠭᠳᠠᠵᠤ ᠪᠠᠶᠢᠬᠤ ᠶᠤᠮ᠃ ᠨᠢᠭᠡ ᠠᠶᠠᠭ᠎ᠠ ᠶᠢ ᠤᠯᠠᠨ ᠬᠦᠮᠦᠨ | ᠬᠡᠷᠡᠭᠯᠡᠪᠡᠯ ︵ᠬᠤᠨᠳᠠᠭᠠᠨ ᠤ ᠠᠷᠢᠬᠢ ᠠᠮᠰᠠᠬᠤ ᠰᠡᠷᠵᠢᠮᠯᠡᠬᠦ︶ ᠡᠪᠡᠳᠴᠢᠨ ᠤ ᠪᠠᠺᠲ᠋ᠧᠷᠢ ᠠᠮᠠ ᠪᠠᠷ ᠳᠠᠮᠵᠢᠵᠤ | ᠬᠠᠯᠳᠠᠪᠤᠷᠢᠯᠠᠬᠤ ᠲᠤᠯᠠ ᠮᠦᠩᠭᠦᠨ ᠬᠤᠨᠳᠠᠭ᠎ᠠ ᠪᠠ ᠠᠶᠠᠭ᠎ᠠ ᠶᠢ ᠬᠡᠷᠡᠭᠯᠡᠪᠡᠯ ᠠᠮᠠ ᠪᠠᠷ ᠳᠠᠮᠵᠢᠵᠤ ᠬᠠᠯᠳᠠᠪᠤᠷᠢᠯᠠᠬᠤ ᠶᠢ | ᠰᠡᠷᠭᠡᠶᠢᠯᠡᠵᠦ ᠴᠢᠳᠠᠬᠤ ᠶᠤᠮ᠃ ᠮᠦᠩᠭᠦ ᠪᠠᠺᠲ᠋ᠧᠷᠢ ᠶᠢ ᠤᠰᠠᠳᠬᠠᠵᠤ ᠴᠢᠳᠠᠳᠠᠭ ᠨᠢ ᠦᠨᠡᠨ ᠪᠤᠳᠠᠲᠠᠢ ᠪᠤᠯᠬᠤ ᠶᠢ | ᠤᠳᠤᠬᠢ ᠰᠢᠨᠵᠢᠯᠡᠬᠦ ᠤᠬᠠᠭᠠᠨ ᠤ ᠲᠤᠷᠰᠢᠯᠲᠠ ᠪᠠᠷ ᠭᠡᠷᠡᠴᠢᠯᠡᠵᠦ ᠪᠤᠢ᠃ ᠮᠦᠩᠭᠦ ᠪᠠᠰᠠ ᠬᠠᠯᠠᠭᠤᠨ ᠢ ᠲᠦᠷᠭᠡᠨ | ᠳᠠᠮᠵᠢᠭᠤᠯᠵᠤ ᠴᠢᠳᠠᠳᠠᠭ ᠠᠴᠠ ᠮᠦᠩᠭᠦᠨ ᠠᠶᠠᠭᠠᠨ ᠳᠤ ᠴᠠᠢ ᠤᠤᠭᠤᠪᠠᠯ ᠠᠮᠠᠨ ᠤ ᠡᠯ᠎ᠡ ᠵᠦᠢᠯ ᠤᠨ ᠡᠪᠡᠳᠴᠢᠨ ᠳᠤ | ᠨᠡᠷᠪᠡᠭᠳᠡᠬᠦ ᠶᠢ ᠰᠡᠷᠭᠡᠶᠢᠯᠡᠵᠦ ᠴᠢᠳᠠᠨ᠎ᠠ᠃ | | ᠮᠤᠩᠭᠤᠯᠴᠤᠳ ᠤᠨ ᠮᠦᠩᠭᠦᠨ ᠪᠦᠯᠡᠵᠡᠭ ᠪᠠ ᠪᠠᠭᠤᠪᠴᠢ ᠵᠡᠭᠦᠬᠦ ᠨᠢ ᠨᠢᠭᠡᠨ ᠵᠦᠢᠯ ᠤᠨ ᠵᠠᠰᠠᠯ ᠴᠢᠮᠡᠭᠯᠡᠯ | ᠪᠤᠯᠬᠤ ᠪᠠᠷ ᠪᠠᠷᠠᠬᠤ ᠦᠭᠡᠢ ᠪᠠᠰᠠ ᠲᠡᠭᠦᠨ ᠤ ᠦᠢᠯᠡᠳᠦᠯ ᠨᠢ ᠶᠡᠭᠡ ᠪᠠᠶᠢᠳᠠᠭ᠃ ᠮᠤᠩᠭᠤᠯ ᠠᠨᠠᠭᠠᠬᠤ ᠤᠬᠠᠭᠠᠨ ᠤ | ᠡᠷᠲᠡᠨ ᠤ ᠨᠤᠮ ᠳᠤ ᠮᠦᠩᠭᠦ ᠰᠢᠷ᠎ᠠ ᠤᠰᠤ ᠶᠢ ᠬᠠᠲᠠᠭᠠᠬᠤ ᠦᠢᠯᠡᠳᠦᠯ ᠲᠠᠢ᠂ ᠡᠶᠢᠮᠦ ᠠᠴᠠ ᠮᠦᠩᠭᠦᠨ ᠪᠠᠭᠤᠪᠴᠢ | ᠪᠦᠯᠡᠵᠡᠭ ᠵᠡᠭᠦᠬᠦ ᠨᠢ ᠪᠠᠰᠠ ᠦᠶ᠎ᠡ ᠭᠡᠰᠢᠭᠦᠨ ᠤ ᠰᠢᠷ᠎ᠠ ᠤᠰᠤ ᠶᠢ ᠬᠠᠲᠠᠭᠠᠵᠤ᠂ ᠰᠠᠷᠬᠢᠶ᠎ᠠ ᠶᠢ ᠰᠡᠷᠭᠡᠶᠢᠯᠡᠵᠦ ᠴᠢᠳᠠᠨ᠎ᠠ | ᠃ ᠶᠠᠭ ᠡᠶᠢᠮᠦ ᠠᠴᠠ ᠮᠤᠩᠭᠤᠯᠴᠤᠳ ᠮᠦᠩᠭᠦᠨ ᠡᠳ᠋ᠯᠡᠯ ᠢᠶᠠᠨ ᠪᠤᠶᠠᠨ ᠢ ᠡᠳ᠋ᠯᠡᠭᠦᠯᠦᠭᠴᠢ ᠬᠦᠨᠳᠦᠳᠬᠡᠯ ᠤᠨ ᠡᠳ᠋᠂ | ᠪᠤᠵᠠᠷ ᠢ ᠠᠷᠢᠯᠭᠠᠭᠴᠢ ᠨᠠᠰᠤᠨ ᠤ ᠬᠡᠷᠡᠭᠰᠡᠯ ᠭᠡᠮᠡᠨ ᠪᠡᠶ᠎ᠡ ᠳᠡᠭᠡᠨ ᠠᠪᠴᠤ ᠶᠠᠪᠤᠳᠠᠭ ᠪᠢᠯᠡ᠃ | | | | ᠮᠦᠩᠭᠦᠨ ᠡᠳ᠋ᠯᠡᠯ ᠢ ᠬᠡᠷᠡᠭᠯᠡᠬᠦ ᠡᠷᠬᠢᠮ ᠰᠠᠶᠢᠬᠠᠨ ᠳᠠᠳᠬᠠᠯ ᠴᠢᠨᠢ ᠡᠷᠡᠭᠦᠯ ᠮᠡᠨᠳᠦ ᠳᠤ ᠠᠰᠢᠭᠲᠠᠢ | ᠮᠦᠷᠲᠡᠭᠡᠨ ᠡᠷᠡᠨ ᠴᠠᠭ ᠤᠨ ᠭᠤᠶᠤᠯᠠᠯ ᠪᠤᠯᠳᠠᠭ ᠲᠤᠯᠠ ᠮᠤᠩᠭᠤᠯᠴᠤᠳ ᠮᠢᠨᠢ ᠡᠷᠬᠢᠮᠯᠡᠨ ᠬᠡᠷᠡᠭᠯᠡᠵᠦ ᠪᠠᠶᠢᠭᠠᠷᠠᠢ︕ | | |