ᠠᠷᠢᠬᠢᠨ ᠤ ᠭᠷᠡᠳᠦ᠋ᠰ ᠤᠨ ᠬᠡᠮᠵᠢᠶ᠎ᠡ
ᠨᠡᠶᠢᠲᠡᠯᠡᠭᠰᠡᠨ ᠴᠠᠭ᠄
2018/7/24
       ᠡᠯ᠎ᠡ ᠲᠦᠷᠦᠯ ᠤᠨ ᠠᠷᠢᠬᠢᠨ ᠤ ᠯᠤᠩᠬᠤᠨ ᠳᠡᠭᠡᠷ᠎ᠡ ᠶᠡᠷᠦ ᠠᠴᠠ ᠲᠡᠭᠦᠨ ᠤ ᠭᠷᠡᠳᠦ᠋ᠰ ᠤᠨ ᠬᠡᠮᠵᠢᠶᠡᠨ ᠤ ᠲᠡᠮᠳᠡᠭ ᠲᠠᠢ ᠪᠠᠶᠢᠳᠠᠭ᠂ ᠲᠡᠷᠡ ᠨᠢ ᠠᠷᠢᠬᠢᠨ ᠤ ᠴᠢᠨᠠᠷ ᠪᠠ ᠤᠨᠴᠠᠯᠢᠭ ᠢ ᠢᠯᠡᠷᠬᠡᠶᠢᠯᠡᠵᠦ ᠪᠠᠶᠢᠳᠠᠭ᠃ ᠬᠠᠷ᠎ᠠ ᠠᠷᠢᠬᠢᠨ ᠤ ᠭᠷᠡᠳᠦ᠋ᠰ ᠤᠨ ᠬᠡᠮᠵᠢᠶ᠎ᠡ ᠪᠤᠯ ᠰᠫᠢᠷᠲ ︵ᠡᠲ᠋ᠢᠯ ᠠᠯᠺᠤᠤᠯ︶ ᠤᠨ ᠪᠦᠷᠢᠯᠳᠦᠭᠦᠨ ᠨᠢ ᠪᠦᠬᠦᠶᠢᠯᠡ ᠠᠭᠤᠰᠤᠮᠠᠯ ᠤᠨ ᠬᠡᠳᠦᠢ ᠶᠢ ᠡᠵᠡᠯᠡᠬᠦ ᠶᠢ ᠵᠢᠭᠠᠵᠤ ᠪᠠᠶᠢᠬᠤ ᠶᠤᠮ᠃ ᠳᠠᠷᠤᠢ ᠨᠢᠭᠡ ᠵᠠᠭᠤᠨ ᠮᠢᠯᠢᠯᠢᠲᠷ ᠠᠷᠢᠬᠢᠨ ᠳᠤ ᠠᠭᠤᠯᠤᠭᠳᠠᠵᠤ ᠪᠠᠶᠢᠭ᠎ᠠ ᠴᠤᠯ ᠰᠫᠢᠷᠲ ᠤᠨ ᠬᠤᠪᠢ ᠶᠢᠨ ᠵᠢᠩ ᠢ ᠠᠷᠢᠬᠢᠨ ᠭᠷᠡᠳᠦ᠋ᠰ ᠤᠨ ᠬᠡᠮᠵᠢᠶ᠎ᠡ ᠭᠡᠳᠡᠭ᠃        ᠠᠷᠢᠬᠢᠨ ᠤ ᠭᠷᠡᠳᠦ᠋ᠰ ᠤᠨ ᠬᠡᠮᠵᠢᠶ᠎ᠡ ᠶᠢ ᠬᠡᠮᠵᠢᠬᠦ ᠳᠤ ᠤᠷᠢᠳᠠᠪᠠᠷ ᠠᠷᠢᠬᠢ ᠪᠠᠨ ᠰᠢᠯ ᠬᠤᠭᠤᠯᠠᠢ ᠲᠤᠲᠤᠷ᠎ᠠ ᠬᠢᠵᠦ ᠤᠷᠤᠭᠤᠯᠤᠭᠠᠳ ᠰᠫᠢᠷᠲ ᠤᠨ ᠬᠡᠮᠵᠢᠭᠦᠷ ᠢᠶᠠᠷ ᠬᠡᠮᠵᠢᠵᠦ᠂ ᠲᠠᠬᠢᠨ ᠠᠷᠢᠬᠢᠨ ᠤ ᠲᠤᠰ ᠪᠡᠶ᠎ᠡ ᠶᠢᠨ ᠳᠤᠯᠠᠭᠠᠨ ᠤ ᠬᠡᠮᠵᠢᠶ᠎ᠡ ᠶᠢ 20 ᠭᠷᠡᠳᠦ᠋ᠰ ᠢᠶᠠᠷ ᠪᠠᠷᠢᠮᠵᠢᠶ᠎ᠠ ᠪᠤᠯᠭᠠᠨ ᠬᠡᠮᠵᠢᠭᠦᠷ ᠢᠶᠠᠷ ᠢᠶᠠᠨ ᠬᠡᠮᠵᠢᠪᠡᠯ ᠠᠷᠢᠬᠢᠨ ᠤ ᠭᠷᠡᠳᠦ᠋ᠰ ᠤᠨ ᠬᠡᠮᠵᠢᠶ᠎ᠡ ᠶᠢ ᠮᠡᠳᠡᠴᠢᠬᠡᠬᠦ ᠶᠤᠮ᠃        ᠭᠡᠲᠡᠯ᠎ᠡ ᠫᠢᠪ ᠤᠨ ᠲᠦᠷᠦᠯ ᠨᠢ ᠬᠠᠷᠢᠨ ᠡᠭᠦᠨ ᠲᠠᠢ ᠠᠳᠠᠯᠢ ᠦᠭᠡᠢ ᠶᠤᠮ᠂ ᠵᠢᠱᠢᠶᠡᠯᠡᠪᠡᠯ 11 ᠭᠷᠡᠳᠦ᠋ᠰ ᠤᠨ ᠫᠢᠪ ᠢᠶᠠᠷ ᠠᠪᠴᠤ ᠦᠵᠡᠪᠡᠯ ᠪᠤᠭᠤᠳᠠᠢ ᠶᠢᠨ ᠨᠠᠬᠢᠶᠠᠨ ᠤ ᠰᠢᠭᠦᠰᠦ ᠶᠢᠨ ᠦᠳᠬᠡᠴᠡ ᠲᠤᠲᠤᠷ᠎ᠠ ᠬᠤᠯᠢᠯᠳᠤᠭᠰᠠᠨ ᠴᠤᠯ ᠰᠫᠢᠷᠲ ᠨᠢ ᠵᠦᠪᠬᠡᠨ 3-4 ᠭᠷᠡᠳᠦ᠋ᠰ ᠯᠡ ᠪᠠᠶᠢᠳᠠᠭ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号