| ᠮᠦᠭᠦ ᠪᠤᠯ ᠨᠢᠭᠡᠨ ᠪᠠᠺᠲ᠋ᠧᠷᠢ ᠶᠢᠨ ᠲᠦᠷᠦᠯ ᠤᠨ ᠢᠳᠡᠰᠢᠨ ᠨᠤᠭᠤᠭ᠎ᠠ ᠮᠦᠨ᠂ ᠰᠠᠶᠢᠬᠠᠨ ᠦᠨᠦᠷ ᠠᠮᠲᠠ | ᠲᠠᠢ ᠪᠦᠭᠡᠳ ᠰᠢᠮ᠎ᠡ ᠲᠡᠵᠢᠭᠡᠯ ᠢᠶᠠᠷ ᠮᠠᠰᠢ ᠦᠨᠳᠦᠷ ᠶᠤᠮ᠃ ᠮᠦᠭᠦ ᠳᠤ ᠤᠭᠤᠷᠠᠭ᠂ ᠰᠢᠬᠢᠷ ᠤᠨ ᠲᠦᠷᠦᠯ ᠪᠤᠯᠤᠨ | ᠦᠭᠡᠬᠦ ᠲᠤᠰᠤ ᠡᠯᠪᠡᠭ ᠪᠠᠶᠠᠯᠢᠭ ᠠᠭᠤᠯᠤᠭᠳᠠᠵᠤ ᠪᠤᠢ᠃ ᠤᠭᠤᠷᠠᠭ ᠲᠤᠲᠤᠷ᠎ᠠ ᠨᠢ ᠬᠦᠮᠦᠨ ᠤ ᠪᠡᠶ᠎ᠡ ᠮᠠᠬᠠᠪᠤᠳ ᠲᠤ | ᠬᠡᠷᠡᠭᠴᠡᠭᠡ ᠪᠦᠬᠦᠢ ᠡᠯ᠎ᠡ ᠲᠦᠷᠦᠯ ᠤᠨ ᠰᠢᠪᠲᠤᠷᠲᠦ ᠬᠦᠴᠢᠯ ᠠᠭᠤᠯᠤᠭᠳᠠᠵᠤ ᠪᠠᠶᠢᠬᠤ ᠪᠦᠭᠡᠳ ᠭᠤᠤᠯᠳᠠᠭᠤ ᠺᠠᠯᠼ᠂ | ᠲᠡᠮᠦᠷ᠂ ᠵᠡᠰ ᠵᠡᠷᠭᠡ ᠡᠯ᠎ᠡ ᠵᠦᠢᠯ ᠤᠨ ᠡᠷᠦᠳᠡᠰᠦ ᠪᠠᠶᠢᠬᠤ ᠪᠦᠭᠡᠳ ᠸᠢᠲ᠋ᠠᠮᠢᠨ ᠨᠢ ᠴᠢᠰᠤ ᠶᠢ ᠪᠦᠲᠦᠭᠡᠬᠦ ᠪᠠ ᠠᠷᠠᠭ | ᠶᠠᠰᠤᠨ ᠤ ᠦᠰᠦᠯᠲᠡ ᠶᠢ ᠬᠠᠩᠭᠠᠵᠤ ᠪᠠᠶᠢᠨ᠎ᠠ᠃ ᠲᠡᠷᠡᠴᠢᠯᠡᠨ ᠮᠦᠭᠦ ᠮᠦᠨ ᠴᠦ ᠨᠡᠯᠢᠶᠡᠳ ᠰᠠᠶᠢᠨ ᠡᠮ ᠤᠨ ᠵᠦᠢᠯ | ᠪᠤᠯᠬᠤ ᠶᠤᠮ᠂ ᠬᠦᠮᠦᠨ ᠤ ᠪᠡᠶ᠎ᠡ ᠶᠢᠨ ᠠᠨᠠᠲ᠋ᠤᠮᠢ ᠶᠢᠨ ᠶᠠᠪᠤᠴᠠ ᠶᠢ ᠪᠡᠶᠡᠯᠡᠭᠦᠯᠵᠦ ᠪᠠᠶᠢᠭ᠎ᠠ ᠡᠯ᠎ᠡ ᠲᠦᠷᠦᠯ ᠤᠨ | ᠢᠰᠬᠡᠭᠦᠷ ᠤᠳ ᠨᠢ ᠮᠦᠭᠦ ᠳᠤ ᠨᠡᠯᠢᠶᠡᠳ ᠶᠡᠭᠡ ᠬᠡᠮᠵᠢᠶ᠎ᠡ ᠪᠠᠷ ᠠᠭᠤᠯᠤᠭᠳᠠᠵᠤ ᠪᠠᠶᠢᠨ᠎ᠠ᠃ ᠪᠤᠰᠤᠳ ᠬᠤᠭᠤᠯᠠᠨ ᠳᠤ | ᠡᠶᠢᠮᠦᠷᠬᠦ ᠢᠰᠬᠡᠭᠦᠷ ᠳᠡᠮᠡᠢ ᠪᠠᠶᠢᠬᠤ ᠦᠭᠡᠢ ᠶᠤᠮ᠃ ᠡᠶᠢᠮᠦ ᠠᠴᠠ ᠦᠷᠭᠦᠯᠵᠢ ᠮᠦᠭᠦ ᠢᠳᠡᠪᠡᠯ ᠬᠤᠳᠤᠭᠤᠳᠤ | ᠳᠦᠭᠦᠷᠬᠦ ᠪᠤᠯᠤᠨ ᠬᠠᠷ᠎ᠠ ᠦᠩᠭᠡ ᠶᠢᠨ ᠡᠳ᠋ ᠲᠤᠲᠠᠭᠳᠠᠬᠤ ᠡᠪᠡᠳᠴᠢᠨ ᠢ ᠰᠡᠷᠭᠡᠶᠢᠯᠡᠨ ᠵᠠᠰᠠᠬᠤ ᠪᠤᠯᠤᠨ᠎ᠠ᠂ ᠪᠠᠰᠠ | ᠮᠦᠭᠦ ᠠᠷᠪᠢᠨ ᠢᠳᠡᠪᠡᠯ ᠴᠢᠰᠤᠨ ᠤ ᠲᠤᠲᠤᠷᠠᠬᠢ ᠰᠦᠰᠦᠨ ᠤ ᠴᠢᠯᠠᠭᠤᠯᠢᠭ ᠠᠯᠺᠦᠦᠯ ᠢ ᠪᠠᠭᠠᠰᠬᠠᠵᠤ᠂ ᠴᠢᠰᠤᠨ | ᠳᠠᠷᠤᠯᠲᠠ ᠦᠨᠳᠦᠷ᠂ ᠯᠤᠭᠰᠢᠭᠤᠨ ᠰᠤᠳᠠᠯ ᠤᠨ ᠬᠠᠲᠠᠭᠤᠷᠠᠯ ︵ᠰᠢᠩᠭᠡᠨ ᠪᠤᠳᠠᠭ᠎ᠠ ᠰᠢᠭ᠋ ᠬᠠᠲᠠᠭᠤᠷᠠᠯ︶ ᠢ | ᠰᠡᠷᠭᠡᠶᠢᠯᠡᠵᠦ ᠴᠢᠳᠠᠨ᠎ᠠ᠃ |