ᠤᠷᠤᠢ ᠶᠢᠨ ᠬᠤᠭᠤᠯᠠ ᠶᠢ ᠶᠠᠭᠤᠨ ᠳᠤ ᠬᠡᠲᠦᠷᠡᠲᠡᠯ᠎ᠡ ᠢᠳᠡᠵᠦ ᠪᠤᠯᠬᠤ ᠦᠭᠡᠢ ᠪᠤᠢ
ᠨᠡᠶᠢᠲᠡᠯᠡᠭᠰᠡᠨ ᠴᠠᠭ᠄
2018/7/24
       ᠬᠦᠮᠦᠰ ᠪᠡᠶ᠎ᠡ ᠶᠢᠨ ᠠᠵᠢᠯᠯᠠᠭ᠎ᠠ ᠶᠢᠨ ᠬᠡᠷᠡᠭᠴᠡᠭᠡ ᠪᠠᠨ ᠬᠠᠩᠭᠠᠬᠤ ᠶᠢᠨ ᠲᠦᠯᠦᠭᠡ ᠬᠤᠭᠤᠯᠠ ᠢᠳᠡᠳᠡᠭ ᠶᠤᠮᠰᠠᠨ᠃ ᠵᠠᠷᠢᠮ ᠬᠦᠮᠦᠨ ᠤᠷᠤᠢ ᠶᠢᠨ ᠬᠤᠭᠤᠯᠠ ᠪᠠᠨ ᠪᠠᠭ᠎ᠠ ᠰᠢᠭ᠋ ᠢᠳᠡᠵᠦ᠂ ᠰᠢᠩᠭᠡᠪᠲᠦᠷ ᠬᠤᠭᠤᠯᠠ ᠢᠳᠡᠬᠦ ᠵᠠᠩᠰᠢᠯ ᠲᠠᠢ ᠪᠠᠶᠢᠳᠠᠭ᠂ ᠡᠨᠡ ᠨᠢ ᠪᠡᠶ᠎ᠡ ᠮᠠᠬᠠᠪᠤᠳ ᠤᠨ ᠡᠷᠡᠭᠦᠯ ᠬᠠᠮᠠᠭᠠᠯᠠᠯ ᠲᠠᠢ ᠨᠡᠶᠢᠴᠡᠬᠦ ᠦᠨᠡᠨᠬᠦ ᠰᠠᠶᠢᠨ ᠵᠠᠩᠰᠢᠯ ᠶᠤᠮ᠃        ᠵᠠᠷᠢᠮ ᠨᠠᠰᠤᠲᠠᠨ ᠦᠷ᠎ᠡ ᠬᠡᠦᠬᠡᠳ ᠲᠡᠭᠡᠨ ︽ᠡᠮᠬᠦ ᠲᠤᠲᠠᠭᠤ ᠢᠳᠡᠪᠡᠯ ᠰᠦᠨᠢ ᠲᠤᠵᠢ ᠲᠠᠭᠠᠯᠠᠮᠵᠢᠲᠠᠢ︾ ᠭᠡᠵᠦ ᠦᠷᠭᠦᠯᠵᠢ ᠬᠡᠯᠡᠳᠡᠭ᠂ ᠡᠨᠡ ᠪᠤᠯ ᠰᠢᠨᠵᠢᠯᠡᠬᠦ ᠤᠬᠠᠭᠠᠨ ᠤ ᠵᠦᠢ ᠶᠤᠰᠤᠨ ᠳᠤ ᠨᠡᠶᠢᠴᠡᠵᠦ ᠪᠠᠶᠢᠬᠤ ᠶᠤᠮ᠃        ᠰᠦᠨᠢ ᠬᠦᠮᠦᠰ ᠬᠦᠳᠡᠯᠮᠦᠷᠢᠯᠡᠬᠦ ᠪᠠᠨ ᠵᠤᠭᠰᠤᠵᠤ ᠭᠤᠤᠯᠳᠠᠭᠤ ᠤᠨᠲᠠᠵᠤ ᠠᠮᠤᠰᠬᠢᠬᠦ ᠪᠤᠯᠤᠨ᠎ᠠ᠃ ᠤᠨᠲᠠᠭᠰᠠᠨ ᠤ ᠰᠡᠭᠦᠯᠡᠷ ᠬᠦᠮᠦᠨ ᠤ ᠪᠡᠶ᠎ᠡ ᠶᠢᠨ ᠡᠯ᠎ᠡ ᠡᠷᠬᠡᠲᠡᠨ ᠪᠠᠷᠤᠭ ᠯᠠ ᠠᠮᠤᠰᠬᠢᠬᠦ ᠪᠠᠶᠢᠳᠠᠯ ᠳᠤ ᠤᠷᠤᠵᠤ ᠠᠵᠢᠯᠯᠠᠭ᠎ᠠ ᠪᠠᠨ ᠤᠳᠠᠭᠠᠰᠢᠷᠠᠭᠤᠯᠳᠠᠭ᠃ ᠡᠶᠢᠨᠬᠦ ᠬᠡᠷᠪᠡ ᠤᠷᠤᠢ ᠶᠢᠨ ᠬᠤᠭᠤᠯᠠ ᠶᠢ ᠬᠡᠲᠦᠷᠡᠲᠡᠯ᠎ᠡ ᠢᠳᠡᠪᠡᠯ ᠤᠨᠲᠠᠬᠤ ᠪᠤᠯᠲᠠᠯ᠎ᠠ ᠮᠦᠨ ᠴᠦ ᠬᠤᠳᠤᠭᠤᠲᠤ ᠳᠦᠭᠦᠷᠴᠦ ᠰᠢᠩᠭᠡᠭᠡᠯᠲᠡ ᠮᠠᠭᠤᠲᠠᠬᠤ ᠪᠠᠷ ᠦᠯᠦ ᠪᠠᠷᠠᠮ ᠤᠨᠲᠠᠬᠤ ᠶᠢ ᠴᠦ ᠨᠦᠯᠦᠭᠡᠯᠡᠳᠡᠭ ᠶᠤᠮ᠃ ᠬᠦᠮᠦᠨ ᠤ ᠠᠯᠢᠪᠠ ᠠᠵᠢᠯᠯᠠᠭ᠎ᠠ ᠶᠢ ᠶᠡᠭᠡ ᠲᠠᠷᠢᠬᠢ ᠵᠢᠯᠤᠭᠤᠳᠴᠤ ᠪᠠᠶᠢᠬᠤ ᠪᠤᠯᠬᠤᠷ ᠤᠨᠲᠠᠭᠰᠠᠨ ᠤ ᠳᠠᠷᠠᠭ᠎ᠠ ᠬᠤᠳᠤᠭᠤᠳᠤᠨ ᠤ ᠲᠤᠲᠤᠷᠠᠬᠢ ᠬᠤᠭᠤᠯᠠ ᠢᠳᠡᠭᠡᠨ ᠢ ᠮᠦᠨ ᠯᠡ ᠪᠤᠯᠪᠠᠰᠤᠷᠠᠭᠤᠯᠬᠤ ᠴᠢᠬᠤᠯᠠ ᠲᠠᠢ ᠪᠠᠶᠢᠵᠤ ᠶᠡᠭᠡ ᠲᠠᠷᠢᠬᠢ ᠬᠤᠳᠤᠭᠤᠳᠤᠨ ᠤ ᠠᠵᠢᠯᠯᠠᠭ᠎ᠠ ᠶᠢ ᠵᠢᠯᠤᠭᠤᠳᠤᠭᠠᠳ ᠰᠠᠶᠢᠲᠤᠷ ᠠᠮᠤᠰᠬᠢᠵᠤ ᠴᠢᠳᠠᠬᠤ ᠦᠭᠡᠢ ᠪᠤᠯᠤᠨ᠎ᠠ᠂ ᠠᠶᠠᠨᠳᠠᠭᠠᠨ ᠰᠠᠶᠢᠲᠤᠷ ᠤᠨᠲᠠᠵᠤ ᠴᠢᠳᠠᠬᠤ ᠦᠭᠡᠢ ᠪᠦᠭᠡᠳ ᠰᠤᠨᠢᠨ ᠵᠢᠪᠡᠭᠦᠨ ᠵᠡᠭᠦᠳᠦ ᠵᠡᠭᠦᠳᠦᠯᠡᠬᠦ ᠶᠤᠮ᠃        ᠡᠭᠦᠨ ᠠᠴᠠ ᠭᠠᠳᠠᠨ᠎ᠠ ᠤᠨᠳᠠᠭᠰᠠᠨ ᠤ ᠳᠠᠷᠠᠭ᠎ᠠ ᠬᠤᠳᠤᠭᠤᠳᠤᠨ ᠳᠤ ᠮᠦᠨ ᠯᠡ ᠢᠳᠡᠭᠡᠨ ᠳᠦᠭᠦᠷᠴᠦ ᠠᠭᠤᠰᠬᠢ ᠬᠤᠳᠤᠭᠤᠳᠤᠨ ᠤ ᠬᠤᠭᠤᠷᠤᠨᠳᠤᠬᠢ ᠤᠷᠤᠴᠠ ᠳᠡᠭᠡᠭᠰᠢ ᠰᠢᠬᠠᠭᠳᠠᠭᠠᠳ ᠠᠮᠢᠰᠬᠤᠬᠤ ᠶᠢ ᠨᠦᠯᠦᠭᠡᠯᠡᠵᠦ᠂ ᠤᠨᠲᠠᠭ᠎ᠠ ᠪᠠᠷ ᠢᠶᠠᠨ ᠬᠠᠷ᠎ᠠ ᠳᠠᠷᠤᠬᠤ ᠪᠤᠶᠤ ᠪᠠᠷᠬᠢᠷᠠᠵᠤ ᠬᠠᠰᠬᠢᠷᠬᠤ ᠪᠤᠯᠤᠨ᠎ᠠ᠃        ᠡᠶᠢᠮᠦ ᠠᠴᠠ ᠤᠷᠤᠢ ᠶᠢᠨ ᠬᠤᠭᠤᠯᠠ ᠶᠢ ᠬᠡᠲᠦᠷᠡᠲᠡᠯ᠎ᠡ ᠢᠳᠡᠵᠦ ᠪᠤᠯᠬᠤ ᠦᠭᠡᠢ ᠶᠤᠮ᠂ ᠶᠠᠷᠦᠳᠡᠭᠡᠨ ᠳᠤᠯᠤᠭ᠎ᠠ ᠨᠠᠢᠮᠠᠨ ᠬᠤᠪᠢ ᠢᠳᠡᠪᠡᠯ ᠪᠤᠯᠴᠢᠬᠠᠨ᠎ᠠ᠃ ᠢᠩᠭᠢᠪᠡᠯ ᠲᠠᠭᠠᠯᠠᠮᠵᠢᠲᠠᠢ ᠰᠠᠶᠢᠨ ᠤᠨᠲᠠᠵᠤ ᠴᠢᠳᠠᠬᠤ ᠪᠦᠭᠡᠳ ᠰᠢᠩᠭᠡᠭᠡᠯᠲᠡ ᠮᠠᠭᠤᠲᠠᠬᠤ ᠡᠪᠡᠳᠴᠢᠨ ᠤᠯᠬᠤ ᠦᠭᠡᠢ ᠶᠤᠮ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号