ᠡᠮᠡᠭᠲᠡᠶᠢᠴᠦᠳ ᠲᠠᠮᠢᠷ ᠤᠨ ᠪᠤᠯᠪᠠᠰᠤᠷᠠᠯ ᠬᠡᠲᠦᠷᠡᠪᠡᠯ ᠡᠷᠡᠭᠦᠯ ᠮᠡᠨᠳᠦ ᠳᠤ ᠠᠰᠢᠭ ᠦᠭᠡᠢ
ᠨᠡᠶᠢᠲᠡᠯᠡᠭᠰᠡᠨ ᠴᠠᠭ᠄
2016-10-20
       ᠡᠮᠡᠭᠲᠡᠶᠢᠴᠦᠳ ᠤᠨ ᠤᠨᠴᠠᠭᠠᠢ ᠹᠢᠽᠢᠤᠯᠤᠭᠢ ᠶᠢᠨ ᠪᠦᠲᠦᠴᠡ ᠨᠢ ᠵᠠᠷᠢᠮ ᠲᠠᠮᠢᠷ ᠤᠨ ᠬᠦᠳᠡᠯᠭᠡᠭᠡᠨ ᠳᠤ ᠲᠤᠬᠢᠷᠠᠬᠤ ᠦᠭᠡᠢ ᠶᠤᠮ᠃ ᠬᠡᠲᠦ ᠬᠡᠲᠦᠷᠡᠭᠰᠡᠨ ᠲᠠᠮᠢᠷ ᠤᠨ ᠬᠦᠳᠡᠯᠭᠡᠭᠡᠨ ᠨᠢ ᠡᠷᠡᠭᠦᠯ ᠮᠡᠨᠳᠦ ᠳᠤ ᠠᠰᠢᠭ ᠦᠭᠡᠢ ᠮᠦᠷᠲᠡᠭᠡᠨ ᠡᠰᠡᠷᠭᠦ ᠪᠠᠷ ᠮᠠᠭᠤ ᠨᠦᠯᠦᠭᠡ ᠦᠵᠡᠭᠦᠯᠵᠦ ᠮᠡᠳᠡᠨ᠎ᠡ᠃
       1. ᠰᠠᠷ᠎ᠠ ᠶᠢᠨ ᠲᠡᠮᠳᠡᠭ ᠢ ᠲᠡᠭᠰᠢ ᠦᠭᠡᠢ ᠪᠤᠯᠭᠠᠨ᠎ᠠ        ᠪᠠᠶᠢᠴᠠᠭᠠᠯᠲᠠ ᠠᠴᠠ ᠤᠶᠢᠯᠠᠭᠠᠭᠰᠠᠨ ᠢᠶᠠᠷ᠂ ᠶᠡᠬᠡᠪᠡᠷ ᠬᠦᠳᠡᠯᠭᠡᠭᠡᠨ ᠬᠢᠳᠡᠭ ᠪᠢᠴᠢᠬᠠᠨ ᠬᠡᠦᠬᠡᠨ ᠤ ᠰᠠᠷ᠎ᠠ ᠶᠢᠨ ᠲᠡᠮᠳᠡᠭ ᠲᠡᠭᠰᠢ ᠦᠭᠡᠢ ᠬᠠᠷᠢᠴᠠᠯ ᠲᠤᠩ ᠶᠡᠭᠡ ᠬᠤᠪᠢ ᠶᠢ ᠡᠵᠡᠯᠡᠵᠦ ᠪᠠᠶᠢᠨ᠎ᠠ ᠭᠡᠵᠡᠢ᠃ ᠤᠯᠠᠩᠬᠢ ᠨᠢ ᠠᠩᠬ᠎ᠠ ᠰᠠᠷ᠎ᠠ ᠶᠢᠨ ᠲᠡᠮᠳᠡᠭ ᠬᠤᠶᠢᠰᠢᠯᠠᠬᠤ᠂ ᠦᠶᠡᠯᠡᠯ ᠤᠨ ᠬᠤᠭᠤᠴᠠᠭ᠎ᠠ ᠡᠮᠬᠢ ᠵᠢᠷᠦᠮ ᠦᠭᠡᠢ᠂ ᠦᠷᠭᠦᠯᠵᠢᠯᠡᠭᠰᠡᠨ ᠴᠢᠨᠠᠷᠲᠠᠢ ᠰᠠᠷ᠎ᠠ ᠶᠢᠨ ᠲᠡᠮᠳᠡᠭ ᠬᠤᠷᠢᠭᠳᠠᠬᠤ ᠮᠦᠷᠲᠡᠭᠡᠨ ᠬᠦᠳᠡᠯᠭᠡᠭᠡᠨ ᠤ ᠬᠡᠮᠵᠢᠶ᠎ᠡ ᠬᠡᠳᠦᠢ ᠶᠡᠭᠡ ᠪᠤᠯᠬᠤ ᠲᠤᠲᠤᠮ ᠠᠩᠬ᠎ᠠ ᠰᠠᠷ᠎ᠠ ᠶᠢᠨ ᠲᠡᠮᠳᠡᠭ ᠢᠷᠡᠬᠦ ᠨᠢ ᠲᠡᠳᠦᠢ ᠤᠷᠤᠢ ᠪᠤᠯᠤᠨ᠎ᠠ᠃ ᠰᠢᠯᠲᠠᠭᠠᠨ ᠨᠢ ᠰᠢᠷᠦᠭᠦᠨ ᠬᠦᠳᠡᠯᠭᠡᠭᠡᠨ ᠨᠢ ᠳᠤᠤᠷ᠎ᠠ ᠳᠤᠪᠤ ᠳᠠᠷᠢᠬᠢ ᠶᠢᠨ ᠠᠵᠢᠯᠯᠠᠭ᠎ᠠ ᠶᠢ ᠨᠦᠯᠦᠭᠡᠯᠡᠵᠦ᠂ ᠲᠤᠲᠤᠭᠠᠲᠤ ᠱᠦᠭᠦᠷᠡᠯ ᠤᠨ ᠠᠵᠢᠯᠯᠠᠭ᠎ᠠ ᠶᠢ ᠡᠷᠡᠭᠦᠯ ᠪᠤᠰᠤ ᠪᠤᠯᠭᠠᠨ ᠪᠡᠶ᠎ᠡ ᠶᠢᠨ ᠲᠤᠲᠤᠷᠠᠬᠢ ᠬᠤᠷᠮᠤᠨ ᠤ ᠡᠷᠡᠭᠦᠯ ᠲᠦᠪᠰᠢᠨ ᠢ ᠰᠠᠮᠠᠭᠤᠷᠠᠭᠤᠯᠤᠭᠰᠠᠨ ᠠᠴᠠ ᠡᠷᠡᠭᠦᠯ ᠰᠠᠷ᠎ᠠ ᠶᠢᠨ ᠲᠡᠮᠳᠡᠭ ᠪᠤᠢ ᠪᠤᠯᠬᠤ ᠶᠢ ᠰᠠᠭᠠᠲᠠᠭᠠᠬᠤ ᠪᠤᠶᠤ ᠰᠠᠷ᠎ᠠ ᠶᠢᠨ ᠲᠡᠮᠳᠡᠭ ᠤᠨ ᠦᠶᠡᠯᠡᠯ ᠢ ᠬᠠᠷᠰᠢᠯᠠᠨ᠎ᠠ᠃
       2. ᠦᠨᠳᠡᠭᠡᠪᠴᠢ ᠬᠠᠭᠠᠷᠠᠬᠤ        ᠵᠠᠷᠢᠮ ᠰᠢᠷᠦᠭᠦᠨ ᠬᠦᠳᠡᠯᠭᠡᠭᠡᠨ᠂ ᠬᠦᠨᠳᠦ ᠡᠷᠭᠦᠬᠦ᠂ ᠬᠡᠪᠡᠯᠢ ᠶᠢᠨ ᠬᠡᠰᠡᠭ ᠢ ᠳᠠᠷᠤᠵᠤ ᠰᠢᠬᠠᠬᠤ᠂ ᠳᠡᠯᠳᠡᠵᠦ ᠴᠤᠬᠢᠬᠤ ᠵᠡᠷᠭᠡ ᠨᠢ ᠪᠦᠷ ᠦᠨᠳᠡᠭᠡᠪᠴᠢ ᠬᠠᠭᠠᠷᠠᠬᠤ ᠠᠶᠤᠯ ᠠᠪᠴᠢᠷᠠᠵᠤ ᠮᠡᠳᠡᠨ᠎ᠡ᠂ ᠦᠨᠳᠡᠭᠡᠪᠴᠢ ᠬᠠᠭᠠᠷᠠᠪᠠᠯ ᠳᠤᠤᠷ᠎ᠠ ᠬᠡᠪᠡᠯᠢ ᠶᠢᠨ ᠬᠡᠰᠡᠭ ᠲᠤ ᠡᠪᠡᠳᠴᠦ᠂ ᠴᠢᠨᠠᠭᠰᠢᠯᠠᠨ ᠪᠦᠬᠦ ᠬᠡᠪᠡᠯᠢ ᠶᠢᠨ ᠬᠡᠰᠡᠭ ᠲᠤ ᠡᠪᠡᠳᠦᠨ᠎ᠡ᠃ ᠦᠨᠳᠡᠭᠡᠪᠴᠢ ᠶᠢᠨ ᠬᠠᠭᠠᠷᠠᠯ ᠶᠡᠷᠦᠳᠡᠭᠡᠨ ᠰᠠᠷ᠎ᠠ ᠶᠢᠨ ᠲᠡᠮᠳᠡᠭ ᠤᠨ 10-18 ᠡᠳᠦᠷ ᠲᠤ ᠡᠭᠦᠰᠴᠦ᠂ ᠡᠭᠦᠨ ᠤ ᠳᠤᠮᠳᠠ 80% ᠨᠢ ᠰᠢᠷ᠎ᠠ ᠪᠡᠶᠡᠲᠦ ᠶᠢᠨ ᠤᠭᠤᠲᠠᠨᠴᠢᠷ ᠬᠠᠭᠠᠷᠠᠭᠰᠠᠨ ᠪᠠᠶᠢᠵᠤ᠂ ᠬᠡᠪᠡᠯᠢ ᠶᠢᠨ ᠵᠡᠭᠦᠯᠡᠬᠦ ᠪᠠᠶᠢᠴᠠᠭᠠᠯᠲᠠ ᠳᠤ ᠴᠢᠰᠤ ᠲᠠᠢ ᠪᠠᠶᠢᠳᠠᠭ᠃
       3. ᠬᠡᠪᠳᠡᠰᠢ ᠤᠨᠵᠠᠶᠢᠬᠤ        ᠡᠮᠡᠭᠲᠡᠶᠢᠴᠦᠳ ᠬᠦᠨᠳᠦ ᠶᠢ ᠡᠷᠭᠦᠬᠦ ᠮᠡᠲᠦ ᠶᠢᠨ ᠬᠡᠲᠦ ᠬᠡᠲᠦᠷᠡᠭᠰᠡᠨ ᠲᠠᠮᠢᠷ ᠤᠨ ᠬᠦᠳᠡᠯᠭᠡᠭᠡᠨ ᠢ ᠤᠷᠲᠤ ᠬᠤᠭᠤᠴᠠᠭ᠎ᠠ ᠪᠠᠷ ᠬᠢᠬᠦ ᠨᠢ ᠬᠡᠪᠡᠯᠢ ᠶᠢᠨ ᠳᠠᠷᠤᠯᠲᠠ ᠶᠢ ᠨᠡᠮᠡᠭᠳᠡᠭᠦᠯᠵᠦ᠂ ᠬᠡᠪᠲᠡᠰᠢ ᠤᠨᠵᠠᠶᠢᠬᠤ ᠪᠤᠯᠭᠠᠨ᠎ᠠ᠃ ᠲᠤᠷᠰᠢᠯᠲᠠ ᠭᠡᠷᠡᠴᠢᠯᠡᠭᠰᠡᠨ ᠢᠶᠠᠷ ᠬᠡᠪᠲᠡᠰᠢ ᠶᠢᠨ ᠪᠠᠶᠢᠷᠢᠰᠢᠯ ᠡᠷᠡᠭᠦᠯ ᠡᠮᠡᠭᠲᠡᠢ 40 ᠵᠢᠩ ᠠᠴᠠ ᠳᠡᠭᠡᠭᠰᠢ ᠬᠦᠨᠳᠦ ᠡᠷᠭᠦᠬᠦ ᠦᠶ᠎ᠡ ᠬᠡᠪᠲᠡᠰᠢ ᠶᠢᠨ ᠬᠦᠵᠦᠭᠦᠦ ᠶᠢᠨ ᠪᠠᠶᠢᠷᠢᠰᠢᠯ ᠤᠨᠴᠠᠭᠠᠢ ᠬᠤᠪᠢᠷᠠᠯᠲᠠ ᠦᠭᠡᠢ᠂ 80 ᠵᠢᠩ ᠤᠨ ᠬᠦᠨᠳᠦ ᠡᠷᠭᠦᠬᠦ ᠳᠤ ᠬᠡᠪᠲᠡᠰᠢ ᠢᠯᠡᠳᠲᠡ ᠳᠤᠷᠤᠭᠰᠢᠯᠠᠭᠰᠠᠨ ᠪᠠᠶᠢᠳᠠᠭ᠃
       4. ᠬᠡᠪᠲᠡᠰᠢ ᠶᠢᠨ ᠲᠤᠲᠤᠷ᠎ᠠ ᠪᠦᠷᠬᠦᠪᠴᠢ ᠶᠢᠨ ᠤᠨᠳᠤᠤᠰᠢᠯ ᠭᠡᠮ        ᠰᠠᠷ᠎ᠠ ᠶᠢᠨ ᠲᠡᠮᠳᠡᠭ ᠤᠨ ᠬᠤᠭᠤᠴᠠᠭᠠᠨ ᠤ ᠰᠢᠷᠦᠭᠦᠨ ᠬᠦᠳᠡᠯᠭᠡᠭᠡᠨ ᠨᠢ ᠴᠢᠰᠤ ᠶᠢ ᠠᠭᠠᠷᠴᠠᠭ ᠤᠨ ᠬᠦᠨᠳᠡᠢ ᠤᠷᠤᠭᠤ ᠤᠷᠤᠭᠤᠯᠵᠤ᠂ ᠰᠠᠷ᠎ᠠ ᠶᠢᠨ ᠲᠡᠮᠳᠡᠭ ᠤᠨ ᠴᠢᠰᠤ ᠶᠢ ᠳᠠᠭᠠᠯᠳᠤᠨ ᠤᠷᠤᠭᠰᠠᠨ ᠬᠡᠪᠲᠡᠰᠢ ᠶᠢᠨ ᠲᠤᠲᠤᠷ᠎ᠠ ᠪᠦᠷᠬᠦᠪᠴᠢ ᠶᠢᠨ ᠵᠢᠵᠢᠭ ᠬᠡᠰᠡᠭ ᠨᠢ ᠦᠨᠳᠡᠭᠡᠪᠴᠢ ᠳᠤ ᠲᠤᠭᠲᠠᠨ᠎ᠠ ᠤᠷᠭᠤᠪᠠᠯ ᠤᠭᠤᠲᠠᠯᠢᠭ ᠬᠠᠪᠤᠳᠠᠷ ᠪᠤᠢ ᠪᠤᠯᠭᠠᠵᠤ ᠮᠡᠳᠡᠨ᠎ᠡ᠃ ᠬᠡᠪᠲᠡᠰᠢ ᠶᠢᠨ ᠲᠤᠲᠤᠷ᠎ᠠ ᠪᠦᠷᠬᠦᠪᠴᠢ ᠶᠢᠨ ᠤᠨᠳᠤᠤᠰᠢᠯ ᠭᠡᠮ ᠲᠠᠢ ᠪᠤᠯᠪᠠᠯ ᠡᠪᠡᠳᠴᠢᠲᠡᠨ ᠤ ᠰᠠᠷ᠎ᠠ ᠶᠢᠨ ᠲᠡᠮᠳᠡᠭ ᠤᠨ ᠡᠪᠡᠳᠦᠯᠲᠡ ᠠᠭᠠᠵᠢᠮ ᠢᠶᠠᠷ ᠬᠦᠨᠳᠦᠷᠡᠬᠦ ᠢᠯᠡᠷᠡᠯ ᠲᠠᠢ ᠪᠤᠯᠵᠤ᠂ ᠠᠮᠠᠷᠬᠠᠨ ᠵᠢᠷᠮᠦᠰᠦᠯᠡᠬᠦ ᠦᠭᠡᠢ ᠪᠤᠯᠳᠠᠭ᠃
       5. ᠭᠠᠳᠠᠷ ᠪᠡᠯᠭᠡ ᠶᠢᠨ ᠰᠢᠷᠬᠠᠲᠤᠯ        ᠲᠠᠮᠢᠷ ᠤᠨ ᠬᠦᠳᠡᠯᠭᠡᠭᠡᠨ ᠤ ᠳᠤᠮᠳᠠ ᠬᠢᠴᠢᠶᠡᠮᠵᠢ ᠦᠭᠡᠢ ᠠᠴᠠ ᠭᠠᠳᠠᠷ ᠪᠡᠯᠭᠡ ᠰᠢᠷᠬᠠᠲᠤᠵᠦ ᠮᠡᠳᠡᠨ᠎ᠡ᠃ ᠤᠴᠢᠷ ᠨᠢ ᠭᠠᠳᠠᠷ ᠪᠡᠯᠭᠡ ᠶᠢᠨ ᠠᠷᠠᠰᠤᠨ ᠳᠤᠤᠷᠠᠬᠢ ᠨᠡᠭᠡᠳᠡᠰᠦ ᠰᠤᠯᠠ ᠰᠡᠶᠢᠷᠡᠭ᠂ ᠨᠠᠮᠵᠢᠭᠤᠨ ᠰᠤᠳᠠᠯ ᠤᠨ ᠪᠠᠭᠴᠠ ᠡᠯᠪᠡᠭ ᠮᠦᠷᠲᠡᠭᠡᠨ ᠭᠦᠢᠬᠡᠨ ᠪᠤᠯᠬᠤᠷ ᠬᠠᠲᠠᠭᠤ ᠪᠤᠳᠠᠰ ᠲᠠᠢ ᠬᠠᠷᠭᠤᠵᠤ ᠮᠦᠷᠭᠦᠯᠳᠦᠪᠡᠯ ᠲᠤᠩ ᠠᠮᠠᠷᠬᠠᠨ ᠴᠢᠰᠤᠨ ᠰᠤᠳᠠᠯ ᠬᠠᠭᠠᠷᠠᠵᠤ᠂ ᠨᠡᠯᠢᠶᠡᠳ ᠶᠡᠭᠡ ᠲᠠᠯᠠᠪᠠᠢ ᠲᠠᠢ ᠴᠢᠰᠤ ᠬᠤᠷᠠᠳᠠᠭ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号