ᠳᠠᠭᠤᠯᠠᠬᠤ ᠳᠤᠷᠠᠲᠠᠢ ᠳᠠᠭᠤᠤ ᠶᠢ ᠮᠢᠨᠢ ᠵᠠᠯᠭᠠᠵᠤ ᠳᠦᠷᠡᠭᠡᠳ ᠠᠪᠳᠠᠭ | ᠳᠠᠭᠤᠤ ᠰᠢᠭ᠋ ᠰᠠᠶᠢᠬᠠᠨ ᠲᠠ ᠴᠢᠨᠢ ᠬᠡᠨ ᠬᠦᠮᠦᠨ ᠤ ᠦᠷ᠎ᠡ ᠪᠣᠢ︖ | ᠳᠤᠩ ᠴᠠᠭᠠᠨ ᠰᠢᠳᠦ ᠪᠠᠨ ᠢᠷᠠᠯᠵᠠᠭᠤᠯᠤᠨ ᠢᠨᠢᠶᠡᠴᠢᠬᠡᠭᠡᠳ | ᠲᠤᠬᠤᠶᠢᠰᠬᠢᠭᠡᠳ ᠰᠢᠷᠲᠡᠬᠦ ᠲᠠ ᠮᠢᠨᠢ ᠬᠠᠮᠢᠭᠠᠬᠢ ᠶᠢᠨ ᠴᠢᠭ ᠶᠤᠨᠳᠤᠨ ᠭᠡ ᠭᠡ ᠪᠣᠢ︖ | ᠠᠯᠢᠶᠠᠯᠠᠰᠬᠢᠭᠡᠳ ᠡᠬᠢᠯᠡᠭᠰᠡᠨ ᠠᠷᠠᠳ ᠤᠨ ᠳᠠᠭᠤᠨ ᠤ ᠴᠢᠨᠢ ᠨᠢᠭᠡᠨ ᠨᠤᠭᠤᠯᠠᠭᠠᠨ ᠳᠤ | ᠠᠷᠪᠠᠨ ᠲᠠᠪᠤᠨ ᠤ ᠰᠠᠷᠠᠨ ᠲᠡᠷᠭᠡᠯᠲᠦᠭᠡᠳ ᠯᠡ ᠪᠠᠶᠢᠨ᠎ᠠ ᠦᠦ ᠳ᠋ᠠ | ︽ᠠᠮᠠᠷᠠᠭ ᠴᠢᠨᠢ ᠪᠤᠯᠤᠶ᠎ᠠ︾ ᠭᠡᠵᠦ ᠲᠠᠨ ᠳᠡᠭᠡᠷ᠎ᠡ ᠬᠡᠴᠢᠨᠡᠬᠡᠨ ᠴᠦ ᠬᠡᠦᠬᠡᠨ ᠢᠷᠡᠭᠰᠡᠨ ᠶᠤᠮ ᠪᠤᠢ︖ | ᠠᠵᠠ ᠪᠠᠷ ᠪᠢ ᠥᠪᠡᠷ ᠢ ᠲᠠᠨᠢ ᠲᠠᠨᠢᠬᠤ ᠦᠭᠡᠢ ᠶᠠᠭᠠᠬᠢᠵᠤ ᠶᠠᠪᠤᠭᠰᠠᠨ ᠪᠤᠢ︖ | ᠡᠩᠭᠡᠷ ᠵᠠᠭᠠᠮ᠎ᠠ ᠪᠠᠷ ᠴᠢᠨᠢ ᠰᠡᠪᠡᠯᠵᠡᠵᠦ ᠰᠠᠯᠬᠢᠯᠠᠭᠠᠳ ᠯᠠ ᠪᠠᠶᠢᠨ᠎ᠠ ᠦᠦ ᠳ᠋ᠠ | ᠡᠷᠪᠡᠯᠵᠡᠨ ᠰᠠᠭᠤᠭ᠎ᠠ ᠨᠠᠳᠠ ᠲᠤᠪᠴᠢᠯᠠᠮᠠᠷ ᠦᠭᠡᠢ ᠬᠠᠷᠠᠭᠳᠠᠨ᠎ᠠ | ᠡᠭᠡᠰᠢᠭᠲᠦ ᠨᠠᠶᠢᠷ ᠤᠨ ᠥᠷᠭᠦᠭᠡᠨ ᠠᠴᠠ ᠬᠠᠮᠲᠤ ᠳᠠᠭᠠᠨ ᠬᠠᠷᠢᠶ᠎ᠠ ᠭᠡᠵᠦ ᠬᠡᠯᠡᠪᠡ ᠦᠦ ᠳ᠋ᠠ | ᠡᠬᠡᠨᠡᠷ ᠲᠠᠢ ᠦᠭᠡᠢ ᠶᠢ ᠴᠢᠨᠢ ᠰᠤᠨᠤᠰᠬᠤ ᠠᠴᠠ ᠯᠡ ᠵᠢᠷᠦᠬᠡᠰᠢᠶᠡᠭᠡᠳ ᠪᠠᠶᠢᠨᠠᠮ ᠳ᠋ᠠ | ᠳᠠᠭᠤᠤ ᠪᠠᠷ ᠡᠯᠪᠡᠭ᠂ ᠨᠠᠶᠢᠷ ᠠᠯᠠᠭ ᠬᠤᠷᠸ᠎ᠠ ᠳᠠᠭᠠᠨ | ᠳᠠᠭᠤᠯᠠᠵᠤ ᠯᠠ ᠰᠠᠭᠤᠶ᠎ᠠ ᠬᠤᠶᠠᠭᠤᠯᠠ ᠪᠠᠨ᠂ ᠬᠥᠮᠦᠨ ᠤ ᠰᠠᠶᠢᠬᠠᠨ ᠦᠷ᠎ᠡ ᠡ | ᠳᠠᠭᠤᠯᠠᠬᠤ ᠤᠭᠢᠯᠠᠬᠤ ᠬᠤᠶᠠᠷ ᠮᠠᠨᠢ ᠲᠤᠰ ᠲᠤᠰ ᠲᠠᠭᠠᠨ ᠯᠠ ᠬᠤᠷᠸ᠎ᠠ ᠶᠤᠮ ᠰᠢᠦ ᠳ᠋ᠡ | ᠲᠤᠨᠢᠶᠠᠷᠲᠤᠭᠰᠠᠨ ᠭᠤᠶᠤ ᠬᠠᠷᠠᠴᠠᠨ ᠳᠤ ᠴᠢᠨᠢ ᠪᠢ ᠵᠢᠷᠭᠠᠵᠤ ᠪᠠᠶᠢᠭᠠᠳ ᠰᠠᠯᠤᠶ᠎ᠠ ᠳ᠋ᠠ |