| ᠴᠤᠤᠳᠤᠯ ᠤᠨ ᠬᠤᠯᠠᠨ | | | | ᠨᠠᠮᠤᠷ ᠤᠨ ᠠᠭᠤᠯᠠᠨ᠎ᠠ ᠪᠤᠭᠤ ᠶᠢᠨ ᠤᠷᠤᠮᠳᠠᠬᠤ ᠶᠢ ᠰᠤᠨᠤᠰᠤᠭᠠᠷᠠᠢ | ᠨᠠᠮ᠎ᠠ ᠶᠢ ᠤᠬᠠᠭᠠᠵᠢᠬᠤ ᠶᠢ ᠦᠵᠡᠬᠦ ᠭᠡᠵᠦ ᠡᠵᠢ ᠮᠢᠨᠢ ᠲᠠ ᠤᠷᠲᠤ ᠨᠠᠰᠤᠯᠠᠭᠠᠷᠠᠢ | ᠮᠠᠨᠴᠤᠢ ᠳᠠᠭᠠᠨ ᠢᠷᠡᠵᠦ ᠲᠠᠨ ᠢ ᠪᠢ ᠭᠠᠭᠴᠠᠬᠠᠨ ᠤᠳᠠᠭ᠎ᠠ ᠵᠢᠷᠭᠠᠭᠠᠭᠰᠠᠨ | ᠮᠠᠭᠠᠳ ᠦᠭᠡᠢ ᠲᠡᠭᠦᠨ ᠠᠴᠠ ᠬᠤᠶᠢᠰᠢ ᠳᠠᠩᠳᠠ ᠵᠤᠪᠠᠭᠠᠭᠰᠠᠨ | ᠭᠠᠭᠴᠠᠬᠠᠨ ᠨᠠᠮ᠎ᠠ ᠶᠢ ᠭᠡᠵᠦ ᠲᠠ | ᠭᠠᠵᠠᠷ ᠳᠡᠭᠡᠷ᠎ᠡ ᠬᠡᠴᠢᠨᠡᠬᠡᠨ ᠣᠪᠠᠳᠢᠰ ᠲᠠᠢ ᠲᠦᠷᠦᠭᠰᠡᠨ ᠶᠤᠮ ᠪᠤᠢ︖ | ᠪᠠᠷᠢᠭᠤᠪᠴᠢ ᠶᠢ ᠮᠢᠨᠢ ᠡᠰᠬᠡᠵᠦ᠂ ᠬᠤᠷᠢᠮ ᠤᠨ ᠡᠮᠦᠰᠬᠡᠯ ᠴᠢᠮᠡᠭᠯᠡᠵᠦ | ᠪᠠᠯᠴᠢᠷ ᠠᠴᠠ ᠮᠢᠨᠢ ᠡᠳᠦᠢ ᠬᠦᠷᠲᠡᠯ᠎ᠡ ᠲᠠ ᠤᠶᠤᠳᠠᠯᠴᠢᠨ ᠶᠠᠪᠤᠯ᠎ᠠ | ᠤᠲᠠᠴᠢ ᠮᠠᠨᠠᠯᠢ ᠶᠢᠨ ᠬᠤᠪᠢᠯᠭᠠᠨ ᠡᠶᠢᠮᠦ ᠪᠠᠶᠢᠳᠠᠭ ᠦᠦ ᠭᠡᠯᠲᠡᠢ | ᠤᠷᠤᠨ ᠳᠡᠭᠡᠷ᠎ᠡ ᠠᠴᠠ ᠮᠢᠨᠢ ᠠᠯᠭᠠᠰᠠᠯ ᠦᠭᠡᠢ ᠲᠤᠩᠭᠤᠶᠢᠵᠤ | ᠲᠡᠷᠡᠨ ᠳᠡᠭᠡᠷ᠎ᠡ ᠨᠠᠮ᠎ᠠ ᠶᠢ ᠪᠦᠯᠢᠶᠡᠷᠴᠦ ᠬᠤᠨᠤᠬᠤ ᠪᠤᠯᠭᠠᠨ ᠳᠤ | ᠳᠡᠯᠡᠬᠡᠢ ᠳᠤ ᠬᠠᠮᠤᠭ ᠤᠨ ᠰᠠᠶᠢᠨ ᠡᠮᠴᠢ ᠮᠢᠨᠢ ᠲᠠ ᠪᠠᠶᠢᠯ᠎ᠠ | ᠠᠭᠠᠰᠢ ᠪᠠᠨ ᠡᠪᠳᠡᠨ ᠡᠷᠬᠡᠯᠡᠵᠦ ᠶᠠᠳᠠᠭᠰᠠᠨ ᠨᠠᠮ᠎ᠠ ᠶᠢ | ᠠᠷᠭᠠᠳᠠᠭᠰᠠᠨ ᠳᠠᠭᠠᠨ᠂ ᠠᠯᠢᠶᠠᠯᠠᠭᠴᠢ ᠪᠤᠯᠵᠤ ᠡᠮᠦᠨ᠎ᠡ ᠮᠢᠨᠢ ᠲᠠ ᠡᠷᠭᠢᠯᠳᠦᠭᠰᠡᠨ | ︽ᠠ᠊︾ ᠦᠰᠦᠭ ᠪᠢᠴᠢᠬᠦ ᠭᠡᠳ ᠪᠤᠳᠤᠯᠢᠵᠤ ᠴᠦᠬᠦᠵᠦ ᠰᠠᠭᠤᠬᠤ ᠳᠤ ᠮᠢᠨᠢ | ᠠᠯᠳᠠᠭ᠎ᠠ ᠲᠠᠢ ᠪᠠᠶᠢᠬᠤ ᠳᠤᠨᠢ ᠤᠯᠠᠶᠢᠮ᠎ᠠ ᠴᠠᠶᠢᠮ᠎ᠠ ︽ ᠤᠨᠴᠠ︾ ᠲᠠᠯᠪᠢᠳᠠᠭ ᠪᠠᠭᠰᠢ ᠶᠠᠪᠤᠯ᠎ᠠ | ᠴᠠᠭ ᠤᠷᠤᠶᠢᠲᠠᠭᠰᠠᠨ ᠪᠤᠯᠵᠤᠭᠠᠨ ᠠᠴᠠ ᠡᠷᠭᠢᠵᠦ ᠢᠷᠡᠬᠦ ᠳᠤ | ᠴᠠᠭᠳᠠᠭ᠎ᠠ᠂ ᠡᠰᠡᠬᠦᠯ᠎ᠡ ᠡᠭᠦᠳᠡᠨ ᠤ ᠮᠠᠨᠠᠭᠠᠴᠢ | ᠰᠠᠷ᠎ᠠ ᠨᠠᠷᠠᠨ ᠤ ᠡᠭᠡᠯᠵᠢ ᠦᠭᠡᠢ ᠭᠠᠯ ᠰᠠᠬᠢᠭᠰᠠᠨ ᠲᠤᠭᠤᠭᠠᠴᠢ | ᠰᠠᠩ ᠤᠨ ᠪᠤᠶᠢᠪᠤᠷ ᠲᠤ ᠠᠷᠴᠠ ᠤᠭᠤᠭᠢᠭᠤᠯᠵᠤ ᠮᠠᠨᠢ ᠤᠩᠰᠢᠭᠰᠠᠨ ᠯᠠᠮᠠ ᠡ ᠁ | ᠰᠢᠬᠦᠷ ᠲᠡᠭᠷᠢ ᠶᠢᠨ ᠳᠤᠤᠷ᠎ᠠ ᠠᠯᠳᠠᠵᠤ ᠠᠳᠡᠬᠦ ᠲᠤᠭᠠᠯᠠᠩ ᠳᠤ ᠮᠢᠨᠢ | ᠰᠢᠭᠦᠬᠦ ᠶᠢᠨ ᠲᠤᠭᠲᠠᠭᠠᠯ ᠤᠩᠰᠢᠳᠠᠭ ᠶᠠᠯᠠᠯᠠᠭᠴᠢ ᠨᠢ ᠲᠠ ᠮᠦᠷᠲᠡᠯ᠎ᠡ | ᠳᠠᠭᠠᠭᠠᠮᠠᠢ ᠶᠡᠭᠡ ᠬᠠᠶᠢᠷ᠎ᠠ ᠲᠠᠨᠢ ᠠᠨᠠᠢ ᠯᠠ ᠬᠡᠪ ᠢᠶᠠᠷ ᠢᠶᠠᠨ | ᠳᠠᠪᠠᠵᠤ ᠵᠠᠭᠠᠯᠳᠤᠭᠰᠠᠨ ᠦᠮᠦᠭᠯᠡᠭᠴᠢ ᠪᠤᠯᠵᠤ ᠵᠤᠪᠠᠯᠠᠩ ᠠᠴᠠ ᠨᠠᠮ᠎ᠠ ᠶᠢ ᠰᠤᠯᠠᠯᠠᠨ᠎ᠠ ᠡ | ᠵᠢᠭᠵᠢᠳ ᠪᠤᠷᠬᠠᠨ ᠢ ᠤᠯᠠᠨ ᠮᠤᠲᠤᠷ ᠲᠠᠢ ᠭᠡᠯᠴᠡᠨ᠎ᠡ | ᠵᠢᠵᠢᠭᠬᠡᠨ ᠡᠨᠡ ᠪᠡᠶ᠎ᠡ ᠴᠢᠨᠢ ᠲᠡᠭᠦᠨ ᠠᠴᠠ ᠴᠦ ᠤᠯᠠᠨ ᠭᠠᠷ ᠲᠠᠢ | ᠡᠯᠪᠡᠭ ᠶᠡᠭᠡ ᠬᠠᠶᠢᠷ᠎ᠠ᠂ ᠡᠵᠢ ᠭᠡᠳᠡᠭ ᠨᠡᠷ᠎ᠡ ᠲᠠᠨᠢ | ᠡᠨᠡ ᠤᠷᠴᠢᠯᠠᠩ ᠠᠴᠠ ᠠᠪᠤᠭᠰᠠᠨ ᠬᠠᠮᠤᠭ ᠤᠨ ᠲᠤᠮᠤ ᠠᠯᠳᠠᠷ ᠡ︕ | ᠵᠡᠭᠦᠦ ᠶᠢᠨ ᠰᠦᠪᠡᠭᠴᠢ ᠪᠠᠷ ᠴᠦ ᠪᠠᠭᠲᠠᠬᠤ ᠤᠨ ᠵᠢᠯ ᠤᠨ ᠤᠷᠤᠰᠬᠠᠯ ᠳᠤ | ᠵᠦᠭᠡᠷ ᠯᠡ ᠳᠡᠷᠭᠡᠳᠡ ᠮᠢᠨᠢ ᠪᠠᠶᠢᠵᠤ ᠬᠠᠶᠢᠷᠠᠯᠠ | ᠢᠵᠢᠢ ᠭᠡᠵᠦ ᠳᠠᠭᠤᠳᠠᠬᠤ ᠪᠤᠯᠭᠠᠨ ᠳᠠᠭᠠᠨ ᠪᠠᠶᠠᠷᠯᠠᠳᠠᠭ | ᠢᠵᠢᠯᠢ ᠬᠡᠳᠦᠨ ᠬᠡᠦᠬᠡᠳ ᠲᠡᠭᠡᠨ ᠤᠷᠲᠤ ᠨᠠᠰᠤᠯᠠᠵᠤ ᠬᠠᠶᠢᠷᠠᠯᠠ ᠡ︕ |