ᠥᠪᠡᠷ ᠤᠨ ᠬᠢ ᠪᠠᠷ ᠢᠶᠠᠨ ᠪᠠᠶᠢᠬᠤ ᠳᠤ ᠶᠠᠭᠠᠬᠢᠳᠠᠭ ᠶᠤᠮ
ᠨᠡᠶᠢᠲᠡᠯᠡᠭᠰᠡᠨ ᠴᠠᠭ᠄
2019-06-12

ᠬᠦᠢᠲᠡᠷᠡᠬᠦ ᠦᠭᠡᠢ ᠶᠤᠮ ᠪᠣᠯ ᠡᠪᠦᠯ ᠪᠠᠶᠢᠭᠠᠳ ᠶᠠᠭᠠᠬᠢᠳᠠᠭ ᠶᠤᠮ

ᠬᠦᠮᠦᠨ ᠳᠤ ᠮᠠᠭᠤ ᠬᠡᠯᠡᠭᠦᠯᠬᠦ ᠦᠭᠡᠢ ᠶᠤᠮ ᠪᠣᠯ

ᠠᠮᠢᠳᠤ ᠶᠠᠪᠤᠭᠠᠳ ᠶᠠᠭᠠᠬᠢᠭᠠᠳ ᠶᠤᠮ

ᠬᠠᠯᠠᠬᠤ ᠦᠭᠡᠢ ᠶᠤᠮ ᠪᠣᠯ

ᠵᠤᠨ ᠪᠠᠶᠢᠭᠠᠳ ᠶᠠᠭᠠᠬᠢᠳᠠᠭ ᠶᠤᠮ

ᠬᠠᠪᠢ ᠶᠢᠨ ᠬᠥᠮᠦᠨ ᠳᠤ ᠰᠠᠶᠢᠨ ᠮᠠᠭᠤ ᠬᠡᠯᠡᠭᠦᠯᠬᠦ ᠦᠭᠡᠢ ᠶᠤᠮ ᠪᠣᠯ

ᠪᠢ ᠪᠠᠶᠢᠭᠠᠳ ᠶᠠᠭᠠᠬᠢᠳᠠᠭ ᠶᠤᠮ

ᠬᠠᠪᠰᠠᠷᠭ᠎ᠠ ᠲᠠᠯᠪᠢᠬᠤ ᠦᠭᠡᠢ ᠶᠤᠮ ᠪᠣᠯ

ᠬᠠᠪᠤᠷ ᠪᠠᠶᠢᠭᠠᠳ ᠶᠠᠭᠠᠬᠢᠳᠠᠭ ᠶᠤᠮ

ᠬᠡᠯᠡ ᠠᠮᠠ ᠪᠣᠯᠴᠢᠬᠠᠬᠤ ᠪᠣᠢ ᠭᠡᠵᠦ

ᠬᠡᠨ ᠬᠦᠮᠦᠨ ᠠᠴᠠ ᠠᠶᠤᠭᠠᠳ ᠶᠠᠭᠠᠬᠢᠳᠠᠭ ᠶᠤᠮ

ᠪᠤᠳᠠᠩ ᠲᠠᠲᠠᠬᠤ ᠦᠭᠡᠢ ᠶᠤᠮ ᠪᠣᠯ

ᠨᠠᠮᠤᠷ ᠪᠠᠶᠢᠭᠠᠳ ᠶᠠᠭᠠᠬᠢᠳᠠᠭ ᠶᠤᠮ

ᠪᠤᠰᠤᠳ ᠲᠤ ᠮᠠᠭᠤ ᠰᠠᠶᠢᠨ ᠬᠡᠯᠡᠭᠦᠯᠬᠦ ᠦᠭᠡᠢ ᠶᠤᠮ ᠪᠣᠯ

ᠪᠢ ᠥᠪᠡᠷ ᠤᠨ ᠬᠢ ᠪᠠᠷ ᠢᠶᠠᠨ ᠪᠠᠶᠢᠭᠠᠳ ᠶᠠᠭᠠᠬᠢᠳᠠᠭ ᠶᠤᠮ

ᠳᠥᠷᠪᠡᠨ ᠤᠯᠠᠷᠢᠯ ᠡᠭᠡᠯᠵᠢᠯᠡᠳᠡᠭ ᠨᠢ

ᠶᠢᠷᠲᠢᠨᠴᠦ ᠶᠢᠨ ᠵᠢᠮ᠎ᠡ

ᠲᠥᠮᠦᠭᠬᠡᠨ ᠠᠮᠢᠳᠤᠷᠠᠬᠤ ᠶᠢ ᠬᠦᠰᠡᠳᠡᠭ ᠨᠢ

ᠬᠥᠮᠦᠨ ᠤ ᠵᠢᠮ᠎ᠡ

 
ᠢᠷᠡᠯᠲᠡ᠄ ᠡᠭᠡᠰᠢᠭ ᠨᠡᠪᠲᠡᠷᠡᠭᠦᠯᠦᠭᠴᠢ ᠠᠴᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号