| ᠴᠠᠺᠠ ᠬᠡᠶᠢᠳ ᠤᠨ ᠲᠡᠭᠦᠰ ᠨᠠᠷᠠ ᠶᠢ ︽ᠪᠠᠶᠠᠰᠬᠤᠯᠠᠩᠲᠤ ᠤᠷᠳᠣᠨ︾ ᠭᠡᠳᠡᠭ᠃ ᠴᠠᠺᠠ ᠭᠡᠳᠡᠭ ᠨᠢ ︽ | ᠲᠠᠪᠣᠰᠣᠡᠭᠤᠪᠢ︾ ᠭᠡᠰᠡᠨ ᠣᠳᠬ᠎ᠠ ᠲᠠᠢ ᠲᠦᠪᠡᠳ ᠦᠭᠡ ᠪᠣᠯᠣᠨ᠎ᠠ᠂ ᠮᠣᠩᠭᠤᠯ ᠢᠶᠠᠷ ᠲᠠᠪᠣᠰᠣᠡᠭᠤᠪᠢ ᠶᠢᠨ ᠬᠡᠶᠢᠳ | ᠭᠡᠵᠣ ᠨᠡᠷᠡᠯᠡᠳᠡᠭ᠃ ᠲᠤᠰ ᠬᠡᠶᠢᠳ ᠨᠢ ᠬᠤᠶᠠᠷ ᠵᠠᠭᠤ ᠭᠠᠷᠤᠢ ᠵᠢᠯ ᠤᠨ ᠲᠡᠤᠬᠡᠨ ᠶᠠᠪᠤᠴᠠ ᠳᠤ ᠠᠳᠠᠯᠢ ᠪᠤᠰᠤ | ᠨᠠᠶᠢᠬᠢᠮ ᠤᠨ ᠤᠷᠤᠭ᠎ᠠ ᠪᠤᠰᠤᠭ᠎ᠠ ᠲᠤᠭᠤᠯᠵᠤ᠂ ᠬᠤᠷᠢᠳᠤᠭᠠᠷ ᠵᠠᠭᠤᠨ ᠤ ᠭᠤᠴᠢᠭᠠᠳ ᠤᠨ ᠪᠤᠯᠬᠤ ᠳᠤ ᠮᠠ ᠪᠤ ᠹᠠᠩ | ᠳᠠᠪᠤᠰᠤᠨ ᠨᠠᠭᠤᠷ ᠢ ᠡᠵᠡᠷᠬᠡᠯᠠᠨ ᠡᠵᠡᠯᠡᠭᠰᠡᠨ ᠠᠴᠠ ᠬᠡᠶᠢᠳ ᠤᠨ ᠱᠠᠰᠢᠨ ᠰᠢᠳᠤᠯᠭᠡ ᠪᠠ ᠱᠠᠰᠢᠨ ᠰᠢᠳᠦᠭᠴᠢ ᠤᠯᠠᠨ | ᠲᠦᠮᠡᠨ ᠤ ᠱᠠᠰᠢᠨ ᠤ ᠠᠵᠢᠯᠠᠯᠭᠠᠨ ᠳᠤ ᠴᠦ ᠬᠠᠷᠰᠢ ᠨᠦᠯᠦᠭᠡ ᠪᠤᠯᠤᠭᠰᠠᠨ ᠲᠤᠯᠠ ᠬᠤᠰᠢᠭᠤ ᠨᠤᠲᠤᠭ ᠤᠨ ᠨᠤᠶᠠᠨ | ᠯᠠᠮᠠ ᠨᠡᠷ ᠵᠦᠪᠳᠡᠯᠴᠠᠭᠡᠵᠤ᠂ 1935 ᠤᠨ ᠳᠤ ᠴᠠᠺᠠ ᠠᠴᠠ ᠵᠡᠭᠦᠨᠰᠢ ᠪᠠᠨ ᠨᠡᠭᠦᠯᠭᠡᠵᠤ᠂ ᠤᠳᠤ ᠶᠢᠨ ᠪᠠᠶᠢᠭ᠎ᠠ | ᠴᠤᠨᠵᠢ ᠶᠢᠨ ᠳᠡᠭᠡᠲᠣ ᠲᠡᠭᠲᠤ ᠳᠡᠭᠡᠷ᠎ᠡ ᠰᠡᠷᠭᠡᠨ ᠪᠠᠶᠢᠭᠤᠯᠵᠠᠢ᠃ 1958 ᠤᠨ ᠳᠤ ᠬᠡᠶᠢᠳ ᠡᠪᠳᠡᠭᠳᠡᠵᠤ | ᠡᠭᠦᠳᠡ ᠪᠠᠨ ᠬᠠᠭᠠᠭᠠᠭᠰᠠᠨ ᠪᠠᠶᠢᠨ᠎ᠠ᠃ 1985 ᠤᠨ ᠳᠤ ᠳᠠᠬᠢᠨ ᠰᠡᠷᠭᠡᠭᠳᠡᠨ ᠪᠠᠶᠢᠭᠤᠯᠤᠭᠳᠠᠵᠤ᠂ ᠦᠭᠡᠷ᠎ᠡ | ᠬᠤᠯᠠ ᠳᠠᠭᠠᠨ ᠨᠡᠷᠡᠲᠠᠢ ᠬᠡᠶᠢᠳ ᠤᠨ ᠨᠢᠬᠡ ᠪᠤᠯᠵᠠᠢ᠃ ᠤᠶᠢᠷ᠎ᠠ ᠤᠨ ᠬᠤᠶᠠᠷ ᠵᠢᠯ ᠠᠴᠠ ᠨᠠᠰᠢ ᠨᠠᠮ ᠵᠠᠰᠠᠭ ᠠᠴᠠ | ᠰᠠᠭᠤᠷᠢ ᠲᠦᠭᠦᠷᠭᠡᠷᠤᠮᠵᠢ ᠶᠢᠨ ᠪᠦᠲᠦᠭᠡᠨ ᠪᠠᠶᠢᠭᠤᠯᠤᠯᠲᠠ ᠢ ᠴᠢᠩᠭᠠᠳᠬᠠᠨ ᠠᠳᠬᠠᠵᠤ᠂ ᠠᠯᠲᠠᠨ ᠳᠡᠶᠢᠪᠤᠷᠢᠲᠣ | ᠳᠤᠭᠠᠩ᠂ ᠯᠠᠮᠠ ᠬᠤᠸ᠋ᠷᠠᠭ ᠤᠨ ᠤᠷᠣᠨ ᠰᠠᠭᠤᠴᠠ᠂ ᠬᠤᠭᠤᠯᠠᠨ ᠭᠡᠷ᠂ ᠮᠠᠨᠢ ᠶᠢᠨ ᠪᠠᠶᠢᠰᠢᠩ᠂ ᠬᠤᠷᠢᠯ ᠤᠨ | ᠲᠢᠩᠬᠢᠮ᠂ ᠠᠷᠠᠳᠴᠢᠯᠠᠯ ᠢᠶᠠᠷ ᠬᠠᠮᠢᠶᠠᠷᠠᠬᠤ ᠠᠯᠪᠠᠨ ᠭᠡᠷ᠂ ᠨᠠᠶᠢᠲᠠ ᠶᠢᠨ ᠦᠢᠯᠡᠴᠢᠯᠡᠯᠬᠡᠨ ᠤ ᠠᠯᠪᠠᠨ ᠭᠡᠷ᠂ | ᠬᠡᠶᠢᠳ ᠤᠨ ᠨᠤᠮ ᠤᠨ ᠰᠠᠩ᠂ ᠡᠭᠦᠳᠡᠨ ᠡᠮᠨᠡᠯᠭᠡ ᠶᠢᠨ ᠭᠡᠷ ᠵᠡᠷᠭᠡ ᠶᠢ ᠰᠡᠯᠪᠢᠨ ᠵᠠᠰᠠᠵᠤ᠂ ᠵᠠᠮ᠂ ᠴᠠᠬᠢᠯᠭᠠᠨ᠂ | ᠤᠰᠨᠨ ᠤ ᠠᠰᠠᠭᠤᠳᠠᠯ ᠢ ᠰᠠᠶᠢᠳᠪᠦᠷᠢᠯᠠᠵᠤ᠂ ᠦᠷᠭᠡᠨ ᠤᠯᠠᠨ ᠲᠦᠮᠡᠨ ᠰᠦᠰᠦᠭᠳᠡᠨ ᠤ ᠬᠠᠯᠠᠭᠤᠨ ᠬᠦᠷᠢᠶᠡᠯᠠᠯ ᠢ | ᠤᠯᠵᠤ ᠪᠠᠶᠢᠨ᠎ᠠ᠃ | | | |