| ᠬᠤᠩᠭᠤ ᠤᠷᠬᠢᠯ ᠪᠤᠯ ᠶᠡᠭᠡ ᠬᠢᠩᠭᠠᠨ ᠲᠠᠪᠠᠭᠠᠨ ᠤ ᠠᠭᠤᠯᠨ ᠨᠢᠷᠤᠭᠤᠳ ᠤᠨ ᠬᠠᠮᠤᠭ ᠦᠨᠳᠦᠷ ᠤᠷᠬᠢᠯ | ᠪᠤᠯᠤᠨ᠎ᠠ᠂ ᠲᠠᠯᠠᠢ ᠶᠢᠨ ᠲᠦᠪᠰᠢᠨ ᠠᠴᠠ 2036 ᠮᠧᠲᠷ ᠲᠤ ᠡᠷᠬᠦᠭᠳᠡᠵᠠᠢ᠃ ᠡᠷᠬᠢᠨ ᠲᠤᠭᠤᠷᠢᠨ ᠤ 27 ᠠᠭᠤᠯᠠᠨ | ᠤᠷᠬᠢᠯ ᠨᠡᠶᠢᠯᠡᠭᠡᠳ ᠶᠡᠭᠡ ᠬᠢᠩᠭᠠᠨ ᠲᠠᠪᠠᠭᠠᠨ ᠤ ᠭᠤᠤᠯ ᠤᠷᠬᠢᠯ ᠢ ᠪᠦᠷᠢᠯᠳᠦᠬᠦᠯᠵᠤ᠂ ᠠᠭᠤᠯᠨ ᠲᠠᠪᠠᠭ᠎ᠠ ᠦᠨᠳᠦᠷ | ᠰᠦᠷᠯᠢᠭ᠂ ᠵᠢᠯᠠᠭ᠎ᠠ ᠬᠦᠨ ᠰᠢᠭᠤᠢ ᠢᠬᠴᠤ ᠪᠠᠶᠢᠵᠤ᠂ ᠬᠤᠪᠤᠷ ᠴᠤᠬᠠᠭ ᠠᠷᠢᠶᠠᠳᠠᠨ ᠠᠮᠢᠳᠠᠨ ᠤᠷᠤᠩᠨᠠᠵᠤ ᠪᠠᠶᠢᠳᠠᠭ | ᠃ ᠤᠯᠠᠨ ᠠᠭᠤᠯᠠᠰ ᠢᠶᠠᠷ ᠬᠦᠷᠢᠶᠡᠯᠡᠬᠦᠯᠦᠭᠰᠡᠨ ᠬᠤᠩᠭᠤ ᠤᠷᠬᠢᠯ ᠤᠨ ᠬᠠᠷᠢᠴᠠᠩᠭᠤᠢ ᠦᠨᠳᠦᠷ ᠤᠨ ᠵᠦᠷᠢᠶ᠎ᠠ ᠨᠢ | 500 ᠮᠧᠲᠷ ᠤᠷᠴᠢᠮ ᠪᠠᠶᠢᠵᠤ᠂ ᠪᠤᠷᠵᠢᠨ ᠴᠢᠯᠠᠭᠤᠯᠢᠭ ᠢᠶᠠᠷ ᠪᠦᠷᠢᠯᠳᠦᠵᠠᠢ᠃ ᠬᠤᠯᠨ ᠠᠴᠠ ᠬᠠᠷᠠᠬᠤᠶ᠎ᠠ | ᠡᠬᠦᠯᠡᠨ ᠳᠤ ᠰᠢᠷᠭᠤᠵᠤ᠂ ᠤᠶᠢᠷ᠎ᠠ ᠠᠴᠠ ᠦᠵᠡᠬᠦᠶᠠ ᠬᠠᠨ ᠤᠷᠬᠢᠯ ᠮᠡᠳᠤ ᠰᠦᠷᠯᠢᠭ ᠠᠳᠠᠯ᠎ᠠ ᠮᠠᠰᠢ ᠲᠡᠭᠰᠢ | ᠠᠭᠤᠳᠠᠮ ᠪᠠᠶᠢᠵᠤ᠂ ᠤᠯᠠᠩᠬᠢ ᠤᠷᠬᠢᠯ ᠨᠢ ᠡᠷᠬᠢᠨ ᠲᠤᠭᠤᠷᠢᠨ ᠬᠡᠳᠦᠨ ᠬᠠᠪᠳᠠᠭᠠᠢ ᠲᠦᠷᠪᠡᠯᠵᠢᠨ ᠺᠢᠯᠦᠮᠧᠲᠷ ᠤᠨ | ᠲᠤᠳᠤᠷ᠎ᠠ ᠦᠯᠤ ᠮᠡᠳᠡᠭᠳᠡᠮ᠎ᠠ ᠲᠠᠪᠠᠯᠭᠠᠯᠠᠭᠰᠠᠨ ᠪᠦᠭᠡᠷᠡᠩᠭᠡᠢ ᠬᠡᠯᠪᠡᠷᠢᠳᠤ ᠭᠠᠵᠠᠷ ᠤᠨ ᠭᠠᠳᠠᠷᠭᠤ ᠶᠢ ᠢᠯᠡᠷᠡᠬᠦᠯᠦᠭᠰᠡᠨ | ᠪᠠᠶᠢᠨ᠎ᠠ᠃ ᠤᠷᠬᠢᠯ ᠳᠤ ᠭᠠᠷᠴᠤ ᠪᠠᠷᠠᠯᠠᠪᠠᠯ ᠨᠤᠮᠢᠨ ᠲᠠᠪᠠᠯᠭᠠᠨ ᠬᠠᠶᠠᠯᠠᠭᠰᠠᠨ ᠨᠠᠷᠠᠰᠤ ᠬᠤᠰᠤᠨ ᠰᠢᠭᠤᠢ ᠦᠯᠮᠡᠢ | ᠲᠤᠤᠷ᠎ᠠ ᠢᠯᠡᠷᠡᠨ᠎ᠠ᠃ | | | | |