ᠬᠤᠭᠤᠯᠠᠢ ᠶᠢᠨ ᠭᠤᠤᠯ
ᠨᠡᠶᠢᠲᠡᠯᠡᠭᠰᠡᠨ ᠴᠠᠭ᠄
2019/12/10
       ᠬᠤᠭᠤᠯᠠᠢ ᠶᠢᠨ ᠭᠤᠤᠯ ᠨᠢ ᠲᠠᠯᠠᠶᠢᠨᠠᠭᠤᠷ ᠤᠨ ᠪᠠᠷᠠᠭᠤᠨ ᠡᠮᠦᠨ᠎ᠠ ᠡᠷᠬᠢ ᠳᠤ ᠪᠠᠶᠢᠵᠤ᠂ ᠲᠦᠷᠦᠭᠡᠨᠠᠭᠤᠷ ᠪᠠ ᠲᠠᠯᠠᠶᠢᠨᠠᠭᠤᠷ ᠢ ᠬᠤᠯᠪᠤᠵᠤ ᠪᠠᠶᠢᠭ᠎ᠠ ᠤᠨᠴᠠᠭᠠᠢ ᠭᠤᠤᠯ ᠪᠤᠯᠤᠨ᠎ᠠ᠃ ᠪᠦᠬᠦ ᠤᠷᠳᠤ ᠨᠢ 17 ᠺᠢᠯᠦᠮᠧᠲᠷ᠂ ᠤᠰᠤᠨ ᠤ ᠲᠤᠮᠳᠠᠴᠢ ᠬᠦᠨ ᠨᠢ 50 ᠰᠠᠨᠲ᠋ᠢᠮᠧᠲ᠋ᠧᠷ᠂ ᠭᠤᠤᠯ ᠤᠨ ᠲᠤᠮᠳᠠᠴᠢ ᠦᠷᠭᠡᠨ ᠨᠢ ᠵᠦᠪᠭᠡᠨ ᠠᠷᠪᠠᠭᠠᠳ ᠰᠠᠨᠲ᠋ᠢᠮᠧᠲ᠋ᠧᠷ᠂ ᠬᠠᠮᠤᠭ ᠤᠨ ᠨᠠᠷᠢᠬᠠᠨ ᠬᠡᠰᠡᠭ ᠲᠡᠭᠡᠨ ᠵᠦᠪᠭᠡᠨ 6 ᠰᠠᠨᠲ᠋ᠢᠮᠧᠲ᠋ᠧᠷ ᠪᠠᠶᠢᠵᠤ᠂ ᠨᠢᠭᠡ ᠲᠡᠪᠳᠡᠷ ᠨᠤᠮ ᠢ ᠲᠡᠩᠨᠠᠨ ᠲᠠᠯᠪᠢᠭᠰᠠᠭᠠᠷ ᠬᠦᠬᠦᠷᠭᠡ ᠰᠢᠭ ᠬᠠᠷᠠᠭᠳᠠᠳᠠᠭ᠂ ᠡᠶᠢᠮᠤ ᠠᠴᠠ ᠬᠤᠭᠤᠯᠠᠢ ᠶᠢᠨ ᠭᠤᠤᠯ ᠢ ᠪᠠᠰᠠ ︽ᠨᠤᠮ ᠤᠨ ᠬᠦᠬᠦᠷᠭᠡᠳᠤ ᠭᠤᠤᠯ︾ ᠭᠡᠳᠡᠭ᠃ ᠡᠨᠡᠬᠦ ᠭᠤᠤᠯ ᠨᠢ ᠮᠤᠷᠤᠯᠵᠠᠨ ᠲᠠᠬᠢᠷᠯᠠᠵᠤ᠂ ᠤᠯᠠᠨ ᠪᠤᠯᠤᠩ ᠲᠤᠬᠤᠢ ᠲᠠᠢ ᠪᠠᠶᠢᠵᠤ᠂ ᠦᠨᠳᠦᠷ ᠲᠤ ᠭᠠᠷᠴᠤ ᠪᠠᠷᠠᠯᠠᠬᠤᠶ᠎ᠠ ᠲᠠᠯ᠎ᠠ ᠶᠢᠨ ᠦᠷᠦᠴᠡᠨ ᠳᠤ ᠮᠤᠷᠤᠯᠵᠠᠨ ᠰᠤᠨᠤᠯᠵᠠᠭᠰᠠᠨ ᠮᠦᠩᠬᠦᠨ ᠤᠳᠠᠰᠤ ᠮᠡᠳᠤ ᠬᠠᠷᠠᠭᠳᠠᠳᠠᠭ᠃    
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号