ᠬᠤᠩ  ᠱᠠᠨ  ᠴᠡᠴᠡᠷᠯᠢᠭ
ᠨᠡᠶᠢᠲᠡᠯᠡᠭᠰᠡᠨ ᠴᠠᠭ᠄
2015-11-17
         ᠬᠤᠩ  ᠱᠠᠨ  ᠴᠡᠴᠡᠷᠯᠢᠭ   ᠢ ᠪᠠᠰᠠ  ᠽᠢ  ᠫᠢᠩ   ᠶᠤᠸᠠᠨ  ᠭᠡᠵᠦ  ᠨᠡᠷᠡᠯᠡᠳᠡᠭ  ᠂  ᠬᠤᠩ  ᠱᠠᠨ  ᠲᠤᠭᠤᠷᠢᠭ  ᠤᠨ  ᠵᠡᠭᠦᠨ ᠬᠤᠶᠢᠲᠤ ᠬᠡᠰᠡᠭ  ᠤᠨ ᠬᠤᠩ ᠱᠠᠨ ᠠᠭᠤᠯᠠᠨ  ᠤ  ᠬᠤᠷᠮᠤᠢ  ᠳᠤ  ᠪᠠᠶᠢᠳᠠᠭ  ᠂  ᠤᠮᠠᠷ᠎ᠠ   ᠪᠠᠨ ᠢᠨᠵᠠᠭ᠎ᠠ   ᠶᠢᠨ  ᠭᠤᠤᠯ   ᠤᠨ  ᠬᠦᠪᠡᠭᠡ  ᠭᠦᠷᠰᠢᠯᠡᠵᠦ᠂  ᠬᠤᠲᠠ  ᠶᠢᠨ  ᠲᠦᠪ  ᠠᠴᠠ   ᠪᠠᠷᠤᠭ  5  ᠺᠢᠯᠤᠮᠧᠲᠷ  ᠵᠠᠶᠢᠲᠠᠢ  ᠂   32  ᠾᠧᠺᠲ᠋ᠠᠷ  ᠲᠠᠯᠠᠪᠠᠢ   ᠲᠠᠢ  ᠃  ᠬᠤᠩ  ᠱᠠᠨ  ᠴᠡᠴᠡᠷᠯᠢᠭ  ᠲᠤᠲᠤᠷᠡᠬᠢ ᠦᠵᠡᠮᠵᠢ ᠶᠢᠨ ᠪᠠᠶᠢᠷᠢᠰᠢᠯ ᠨᠢ  ᠪᠠᠶᠢᠭᠠᠯᠢᠯᠢᠭ  ᠬᠡᠯᠪᠡᠷᠢ ᠳᠤ ᠬᠠᠷᠢᠶᠠᠯᠠᠭᠳᠠᠵᠦ  ᠂  ᠪᠦᠬᠦ ᠴᠡᠴᠡᠷᠯᠢᠭ  ᠨᠢ  ᠴᠢᠯᠠᠭᠤ ᠶᠢ ᠦᠷᠦᠵᠦ  ᠪᠠᠷᠢᠭᠰᠠᠨ ᠠᠭᠤᠯᠠᠨ ᠬᠠᠳᠠ ᠪᠠᠷ  ᠭᠤᠤᠯ  ᠴᠤᠭᠴᠠ ᠪᠤᠯᠭᠠᠵᠤ  ᠂  ᠪᠠᠶᠢᠭᠠᠯᠢ   ᠶᠢᠨ  ᠬᠡᠬᠡᠷ᠎ᠡ ᠲᠡᠯ᠎ᠡ ᠶᠢᠨ  ᠦᠵᠡᠮᠵᠢ   ᠶᠢ ᠳᠤᠪᠤᠶᠢᠯᠭᠠᠨ  ᠂  ᠬᠤᠩ  ᠱᠠᠨ  ᠠᠭᠤᠯᠠᠨ   ᠤ  ᠦᠵᠡᠮᠵᠢ   ᠶᠢ  ᠠᠰᠢᠭᠯᠠᠨ  ᠂  ᠨᠠᠭᠤᠷ   ᠤᠨ  ᠲᠤᠩᠭᠠᠯᠠᠭ  ᠠᠭᠤᠯᠠᠨ   ᠤ  ᠰᠦᠷᠯᠢᠭ  ᠂  ᠮᠤᠬᠤᠯᠠᠭ᠂ ᠬᠤᠩᠬᠢᠯ᠂ ᠭᠦᠭᠦᠷᠭᠡ᠂ ᠲᠠᠭᠳᠤ   ᠪᠠᠷ  ᠨᠢᠭᠡ  ᠴᠤᠭᠴᠠ   ᠪᠤᠯᠭᠠᠭᠰᠠᠨ᠂ ᠤᠰᠤᠨ ᠤ ᠳᠡᠷᠭᠡᠳᠡᠬᠢ  ᠵᠢᠶᠠᠩᠨᠠᠨ ᠤᠷᠤᠨ ᠤ ᠬᠡᠪ ᠨᠡᠮᠪᠠ ᠶᠢ ᠪᠦᠷᠢᠯᠳᠦᠭᠦᠯᠦᠭᠰᠡᠨ ᠠᠷᠤ ᠭᠠᠵᠠᠷ ᠤᠨ ᠴᠡᠴᠡᠷᠯᠢᠭ  ᠪᠠᠶᠢᠵᠦ᠂ ᠤᠳᠤ  ᠬᠤᠷᠢᠭᠠᠳ  ᠦᠵᠡᠮᠵᠢ   ᠶᠢᠨ   ᠴᠡᠭ   ᠲᠠᠢ  ᠃            ᠬᠠᠶ᠋ᠢᠭ᠄  ᠬᠤᠩ  ᠱᠠᠨ  ᠲᠤᠭᠤᠷᠢᠭ   ᠤᠨ  ᠵᠡᠭᠦᠨ  ᠬᠤᠶᠢᠲᠤ  ᠬᠡᠰᠡᠭ   ᠤᠨ  ᠬᠤᠩ  ᠱᠠᠨ  ᠠᠭᠤᠯᠠᠨ   ᠤ  ᠡᠩᠭᠡᠷ ᠲᠤ          ᠬᠠᠷᠢᠯᠴᠠᠬᠤ  ᠤᠲᠠᠰᠤ  ᠄ 0476-8224483          ᠵᠠᠮ   ᠱᠤᠭᠤᠮ  ᠄ 2  ᠂  6  ᠂  12   ᠳ᠋ᠤᠭᠠᠷ  ᠵᠠᠮ  ᠤᠨ ᠨᠡᠶᠢᠲᠡ  ᠶᠢᠨ  ᠮᠠᠰᠢᠨ  ᠳᠤ  ᠰᠠᠭᠤᠪᠠᠯ  ᠬᠦᠷᠴᠢᠬᠡᠨ᠎ᠡ  ᠃                  
 
ᠢᠷᠡᠯᠲᠡ᠄ ᠬᠤᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号