| | ᠤᠯᠠᠭᠠᠨᠬᠠᠳᠠ ᠶᠢ ᠤᠤᠯ ᠳᠠᠭᠠᠨ ᠵᠤᠤ ᠤᠳᠠ ᠠᠶᠢᠮᠠᠭ ᠭᠡᠳᠡᠭ᠃ 1983 ᠤᠨ ᠳᠤ ᠲᠦᠷᠦ ᠶᠢᠨ | ᠶᠠᠪᠤᠳᠠᠯ ᠤᠨ ᠬᠤᠷᠢᠶᠠᠨ ᠤ ᠵᠦᠪᠰᠢᠶᠡᠷᠡᠯ ᠢᠶᠠᠷ ᠤᠯᠠᠭᠠᠨᠬᠠᠳᠠ ᠬᠤᠲᠠ ᠭᠡᠵᠦ ᠨᠡᠷᠡᠶᠢᠳᠪᠡ᠃ ᠪᠦᠬᠦ ᠬᠤᠲᠠ ᠨᠢ | ᠬᠤᠩ ᠱᠠᠨ ᠲᠤᠭᠤᠷᠢᠭ᠂ ᠶᠤᠸᠠᠨ ᠪᠤᠤ ᠱᠠᠨ ᠲᠤᠭᠤᠷᠢᠭ᠂ ᠰᠦᠩ ᠱᠠᠨ ᠲᠤᠭᠤᠷᠢᠭ᠂ ᠨᠢᠩᠴᠧᠩ ᠰᠢᠶᠠᠨ᠂ ᠯᠢᠨᠰᠢ | ᠰᠢᠶᠠᠨ᠂ ᠠᠤᠬᠠᠨ ᠬᠤᠰᠢᠭᠤ᠂ ᠬᠠᠷᠠᠴᠢᠨ ᠬᠤᠰᠢᠭᠤ᠂ ᠤᠩᠨᠢᠭᠤᠳ ᠬᠤᠰᠢᠭᠤ᠂ ᠬᠡᠰᠢᠭᠲᠡᠨ ᠬᠤᠰᠢᠭᠤ᠂ ᠪᠠᠭᠠᠷᠢᠨ | ᠵᠡᠭᠦᠨ ᠬᠤᠰᠢᠭᠤ᠂ ᠪᠠᠭᠠᠷᠢᠨ ᠪᠠᠷᠠᠭᠤᠨ ᠬᠤᠰᠢᠭᠤ᠂ ᠠᠷᠤ ᠬᠤᠷᠴᠢᠨ ᠬᠤᠰᠢᠭᠤ ᠵᠡᠷᠭᠡ ᠵᠡᠷᠭᠡ 3 ᠲᠤᠭᠤᠷᠢᠭ᠂ 2 | ᠰᠢᠶᠠᠨ᠂ 7 ᠬᠤᠰᠢᠭᠤ ᠲᠠᠢ ᠪᠠᠶᠢᠵᠤ᠂ ᠪᠦᠬᠦ ᠲᠠᠯᠠᠪᠠᠢ 9 ᠲᠦᠮᠡ ᠭᠠᠷᠤᠢ ᠳᠦᠷᠪᠡᠯᠵᠢᠨ ᠺᠢᠯᠦᠮᠧᠲᠷ᠂ ᠶᠡᠷᠦᠩᠬᠡᠢ | ᠬᠦᠮᠦᠨ ᠠᠮᠠ ᠨᠢ 450 ᠲᠦᠮᠡ ᠤᠷᠴᠢᠮ ᠪᠠᠶᠢᠳᠠᠭ᠃ ᠡᠭᠦᠨ ᠳᠤ ᠮᠤᠩᠭᠤᠯ ᠬᠦᠮᠦᠨ 90 ᠲᠦᠮᠡ ᠪᠤᠢ᠃ | | ᠤᠯᠠᠭᠠᠨᠬᠠᠳᠠ ᠪᠤᠯ ᠠᠭᠤᠯᠠ ᠤᠰᠤ ᠡᠲᠡᠭᠡᠳ ᠰᠠᠶᠢᠬᠠᠨ᠂ ᠠᠭᠤᠷᠬᠠᠢ ᠶᠢᠨ ᠪᠤᠯᠠᠭᠳᠠᠴᠠ ᠡᠯᠪᠡᠭ ᠳᠡᠯᠪᠡᠭ᠂ | ᠦᠪ ᠰᠤᠶᠤᠯ ᠭᠦᠨ ᠵᠤᠵᠠᠭᠠᠨ ᠨᠤᠲᠤᠭ ᠶᠤᠮ᠃ ᠠᠳᠡ ᠪᠠᠯᠠᠷ ᠰᠢᠭᠤᠶᠢᠲᠤ ᠪᠠᠶᠠᠨᠳᠡᠯᠭᠡᠷ ᠬᠠᠶᠢᠷᠬᠠᠨ ᠪᠤᠢ᠂ | ᠪᠠᠭᠠᠷᠢᠨ ᠰᠠᠶᠢᠬᠠᠨ ᠬᠠᠨ ᠠᠭᠤᠯᠠ ᠪᠤᠢ᠂ ᠠᠯᠳᠠᠷ ᠶᠡᠬᠡᠲᠡᠢ ᠠᠰᠬᠠᠲᠤ ᠬᠠᠳᠠ ᠪᠤᠢ᠂ ᠠᠷᠤ ᠬᠤᠷᠴᠢᠨ ᠨᠤᠲᠤᠭ ᠤᠨ | ᠲᠡᠭᠷᠢ ᠠᠭᠤᠯᠠ ᠪᠤᠢ᠂ ᠴᠡᠯᠮᠡᠭ ᠲᠤᠩᠭᠠᠯᠠᠭ ᠳᠠᠯᠠᠢ ᠨᠠᠭᠤᠷ ᠪᠤᠢ᠂ ᠴᠡᠩᠬᠡᠷ ᠲᠤᠯᠭᠢᠶᠠᠨᠲᠤ ᠰᠢᠷᠠᠮᠦ᠋ᠷᠡᠨ ᠪᠤᠢ ᠁ | ᠢᠯᠠᠩᠭᠤᠶ᠎ᠠ ᠤᠮᠠᠷᠠᠲᠤ ᠶᠢᠨ ᠴᠢᠯᠠᠭᠤᠨ ᠤᠢ ᠭᠡᠵᠦ ᠠᠯᠳᠠᠷᠰᠢᠭᠰᠠᠨ ᠬᠡᠰᠢᠭᠲᠡᠨ ᠬᠤᠰᠢᠭᠤᠨ ᠤ ᠠᠰᠬᠠᠲᠤ ᠬᠠᠳᠠ | ᠵᠢᠴᠢ ᠲᠠᠯ᠎ᠠ ᠨᠤᠲᠤᠭ ᠤᠨ ᠲᠤᠯᠢ ᠭᠡᠵᠦ ᠠᠯᠳᠠᠷᠰᠢᠭᠰᠠᠨ ᠳᠠᠯᠠᠢ ᠨᠠᠭᠤᠷ ᠪᠤᠯ ᠬᠤᠯᠠ ᠤᠶᠢᠷ᠎ᠠ ᠳᠠᠭᠠᠨ ᠠᠯᠳᠠᠷᠲᠠᠢ | ᠵᠢᠭᠤᠯᠴᠢᠯᠠᠯ ᠤᠨ ᠦᠵᠡᠮᠵᠢᠲᠤ ᠤᠷᠤᠨ ᠪᠢᠯᠡ᠃ | | ᠤᠯᠠᠭᠠᠨᠬᠠᠳᠠ ᠬᠤᠲᠠ ᠤᠷᠲᠤ ᠤᠳᠠᠭᠠᠨ ᠲᠡᠦᠬᠡ ᠰᠤᠶᠤᠯ ᠤᠨ ᠤᠯᠠᠮᠵᠢᠯᠠᠯ ᠲᠠᠢ᠃ ᠳ᠋ᠦᠩᠬᠤ᠂ | ᠡᠾᠦ᠋ᠩᠨᠦ᠂ ᠰᠢᠶᠠᠨᠪᠢ᠂ ᠲᠢᠶᠦ᠋ᠷᠺ᠂ ᠭᠢᠳᠠᠨ᠂ ᠵᠦᠷᠴᠢᠨ᠂ ᠮᠤᠩᠭᠤᠯ ᠵᠡᠷᠭᠡ ᠴᠦᠭᠡᠨ ᠲᠤᠭᠠᠲᠤ ᠦᠨᠳᠦᠰᠦᠲᠡᠨ | ᠤᠷᠢᠳ ᠬᠤᠵᠢᠳ ᠤᠯᠠᠭᠠᠨᠬᠠᠳᠠ ᠶᠢᠨ ᠡᠨᠡ ᠬᠦ ᠭᠠᠵᠠᠷ ᠰᠢᠷᠤᠢ ᠳᠡᠭᠡᠷ᠎ᠡ ᠠᠵᠤ ᠲᠦᠷᠦᠨ᠎ᠡ᠂ ᠬᠠᠮᠲᠤᠪᠡᠷ ᠤᠮᠠᠷᠠᠲᠤ | ᠤᠷᠤᠨ ᠤ ᠡᠷᠲᠡᠨ ᠤ ᠭᠡᠷᠡᠯ ᠰᠠᠴᠤᠷᠠᠩᠭᠤᠢ ᠲᠡᠦᠬᠡ ᠰᠤᠳᠤᠷ ᠢ ᠪᠢᠴᠢᠭᠯᠡᠭᠰᠡᠨ ᠪᠢᠯᠡ᠃ ᠪᠠᠭᠠᠷᠢᠨ ᠵᠡᠭᠦᠨ | ᠬᠤᠰᠢᠭᠤᠨ ᠤ ᠬᠠᠷᠢᠶᠠᠨ ᠳᠤ ᠪᠠᠶᠢᠭ᠎ᠠ ᠡᠷᠲᠡᠨ ᠤ ᠯᠢᠶᠤᠤ ᠤᠯᠤᠰ ᠤᠨ ᠳᠡᠭᠡᠳᠦ ᠨᠡᠶᠢᠰᠯᠡᠯ ᠪᠠ ᠨᠢᠩᠴᠧᠩ ᠰᠢᠶᠠᠨ ᠤ | ᠬᠢᠵᠠᠭᠠᠷ ᠲᠤ ᠪᠠᠶᠢᠭ᠎ᠠ ᠳᠤᠮᠳᠠᠳᠤ ᠨᠡᠶᠢᠰᠯᠡᠯ ᠨᠢ ᠯᠢᠶᠤᠤ ᠶᠢᠨ ᠰᠤᠶᠤᠯ ᠤᠨ ᠲᠦᠪ ᠪᠤᠯᠵᠤ ᠪᠠᠶᠢᠳᠠᠭ᠃ ᠠᠯᠳᠠᠷᠲᠤ ︽ | ᠬᠤᠩ ᠱᠠᠨ ᠤ ᠰᠤᠶᠤᠯ︾᠂ ︽ᠹᠦ᠋ ᠡᠾᠧ ᠤᠨ ᠰᠤᠶᠤᠯ︾ ᠨᠢ ᠡᠨᠡ ᠨᠤᠲᠤᠭ ᠲᠤ ᠤᠳᠤ ᠠᠴᠠ ᠵᠢᠷᠭᠤᠭ᠎ᠠ | ᠳᠤᠯᠤᠭᠠᠨ ᠮᠢᠩᠭᠠᠨ ᠵᠢᠯ ᠤᠨ ᠡᠮᠦᠨ᠎ᠡ ᠬᠦᠮᠦᠨ ᠲᠦᠷᠦᠯᠬᠢᠲᠡᠨ ᠠᠵᠤ ᠲᠦᠷᠦᠵᠦ ᠪᠠᠶᠢᠭᠰᠠᠨ ᠢ ᠨᠤᠲᠠᠲᠠᠢ | ᠭᠡᠷᠡᠴᠢᠯᠡᠵᠦ᠂ ᠳᠤᠮᠳᠠᠳᠤ ᠶᠢᠨ ᠲᠠᠪᠤᠨ ᠮᠢᠩᠭᠠᠨ ᠵᠢᠯ ᠤᠨ ᠪᠤᠯᠪᠠᠰᠤᠨ ᠲᠡᠦᠬᠡ ᠶᠢ ᠲᠠᠬᠢᠵᠤ ᠡᠮᠦᠨᠡᠰᠢ ᠪᠠᠨ | ᠤᠷᠤᠭᠰᠢᠯᠠᠭᠤᠯᠤᠭᠰᠠᠨ ᠶᠤᠮ᠃ ᠠᠷᠤ ᠬᠤᠷᠴᠢᠨ ᠬᠤᠰᠢᠭᠤᠨ ᠤ ᠬᠤᠶᠢᠲᠤ ᠬᠡᠰᠡᠭ ᠲᠤ ᠪᠠᠶᠢᠭ᠎ᠠ ᠴᠠᠭᠠᠨᠬᠤᠲᠠ ᠶᠢᠨ | ᠪᠠᠭᠤᠷᠢ ᠪᠤᠯ ᠮᠤᠩᠭᠤᠯ ᠤᠨ ᠬᠠᠮᠤᠭ ᠡᠴᠦᠰ ᠤᠨ ᠬᠠᠭᠠᠨ ᠯᠢᠭᠳᠡᠨ ᠬᠤᠳᠤᠭᠲᠤ ᠶᠢᠨ ᠮᠤᠩᠭᠤᠯ ᠢᠶᠠᠨ | ᠨᠢᠭᠲᠠᠷᠠᠭᠤᠯᠤᠨ ᠮᠠᠨᠵᠤ ᠶᠢᠨ ᠳᠦᠷᠢᠮᠡᠬᠡᠶᠢᠯᠡᠯ ᠢ ᠡᠰᠡᠷᠭᠦᠴᠡᠬᠦ ᠭᠡᠮᠡᠨ ᠰᠡᠳᠬᠢᠯ ᠢᠶᠠᠨ ᠵᠦᠳᠡᠭᠡᠨ ᠪᠠᠶᠢᠭᠤᠯᠤᠭᠰᠠᠨ | ᠬᠤᠲᠠ ᠴᠠᠶᠢᠵᠠ ᠪᠢᠯᠡ᠃ ᠭᠡᠲᠡᠯ᠎ᠡ ᠠᠯᠤᠩᠭᠤᠸ᠎ᠠ ᠡᠬᠡ ᠶᠢᠨ ᠠᠯᠲᠠᠨ ᠰᠤᠷᠭᠠᠯ ᠢ ᠲᠠᠰᠤ ᠮᠠᠷᠲᠠᠭᠰᠠᠨ ᠲᠡᠷᠡ | ᠦᠶ᠎ᠡ ᠶᠢᠨ ᠬᠡᠰᠡᠭ ᠮᠤᠩᠭᠤᠯᠴᠤᠳ ᠪᠦᠯᠬᠦᠮᠳᠡᠨ ᠨᠢᠭᠲᠠᠷᠠᠯᠴᠠᠵᠤ ᠲᠡᠮᠡᠴᠡᠬᠦ ᠶᠢ ᠪᠤᠳᠤᠭᠰᠠᠨ ᠦᠭᠡᠢ ᠬᠠᠷᠢᠨ | ᠪᠦᠬᠦᠶᠢᠨ ᠡᠶᠡᠯᠳᠦᠵᠦ ᠪᠠᠭᠤᠵᠤ ᠦᠭᠬᠦ ᠪᠠᠷ ᠰᠠᠶᠢᠮᠰᠤᠷᠠᠭᠰᠠᠨ ᠠᠴᠠ ᠮᠤᠩᠭᠤᠯ ᠢᠶᠠᠨ ᠲᠠᠬᠢᠨ ᠮᠠᠨᠳᠤᠭᠤᠯᠬᠤ ᠭᠡᠰᠡᠨ | ᠪᠠᠭᠠᠲᠤᠷ ᠯᠢᠭᠳᠡᠨ ᠤ ᠪᠤᠰᠤᠯᠭ᠎ᠠ ᠬᠤᠭᠤᠰᠤᠲᠠᠵᠤ ᠢᠯᠠᠭᠳᠠᠭᠰᠠᠨ ᠠᠴᠠ ᠬᠦᠬᠡᠨᠠᠭᠤᠷ ᠲᠦᠪᠡᠳ ᠢ ᠡᠵᠡᠯᠡᠵᠦ ᠪᠦᠬᠦ | ᠮᠤᠩᠭᠤᠯ ᠢᠶᠠᠨ ᠤᠷᠢᠶᠠᠯᠠᠨ ᠳᠠᠭᠤᠳᠠᠵᠤ ᠬᠤᠶᠢᠲᠤ ᠠᠯᠲᠠᠨ ᠤᠯᠤᠰ ᠢ ᠡᠰᠡᠷᠭᠦᠴᠡᠬᠦ ᠲᠦᠯᠦᠪᠯᠡᠭᠡ ᠲᠤᠭᠲᠠᠭᠠᠨ | ᠪᠠᠷᠠᠭᠤᠨᠰᠢ ᠶᠠᠪᠤᠵᠤ ᠪᠠᠶᠢᠭᠠᠳ 1634 ᠤᠨ ᠳᠤ ᠬᠦᠬᠡᠨᠠᠭᠤᠷ ᠤᠨ ᠰᠢᠷ᠎ᠠ ᠲᠠᠯ᠎ᠠ ᠳᠤ ᠨᠠᠰᠤ ᠪᠠᠷᠠᠭᠰᠠᠨ ᠪᠢᠯᠡ᠃ | ᠡᠶᠢᠨᠬᠦ 1206 ᠤᠨ ᠳᠤ ᠲᠤᠭ ᠢᠶᠠᠨ ᠪᠤᠰᠬᠠᠵᠤ ᠲᠦᠷᠦ ᠪᠠᠨ ᠪᠠᠶᠢᠭᠤᠯᠤᠭᠰᠠᠨ ᠮᠤᠩᠭᠤᠯ ᠬᠠᠭᠠᠨᠲᠤ ᠤᠯᠤᠰ 429 | ᠵᠢᠯ ᠤᠨ ᠠᠶᠠᠨ ᠢ ᠲᠡᠦᠬᠡ ᠲᠠᠢ᠂ ᠲᠤᠤᠯᠢᠰ ᠲᠠᠢ᠂ ᠬᠤᠷ᠎ᠠ ᠲᠠᠢ᠂ ᠬᠤᠢ ᠲᠠᠢ ᠲᠤᠭᠤᠯᠵᠤ ᠲᠡᠦᠬᠡᠨ ᠲᠠᠪᠴᠠᠩ ᠠᠴᠠ | ᠪᠠᠭᠤᠭᠰᠠᠨ ᠶᠤᠮ᠃ ᠡᠨᠡ ᠨᠢ ᠪᠤᠭᠳᠠ ᠴᠢᠩᠭᠢᠰ ᠠᠴᠠ ᠠᠪᠤᠭᠠᠳ ᠯᠢᠭᠳᠡᠨ ᠬᠤᠳᠤᠭᠲᠤ ᠬᠠᠭᠠᠨ ᠬᠦᠷᠲᠡᠯᠡᠬᠢ | ᠪᠤᠷᠵᠢᠭᠢᠨ ᠤᠪᠤᠭᠲᠠᠨ ᠤ ᠠᠯᠲᠠᠨ ᠤᠷᠤᠭ ᠤᠨ ᠪᠦᠭᠦᠳᠡ ᠬᠤᠷᠢᠨ ᠬᠤᠶᠠᠷ ᠦᠶ᠎ᠡ ᠶᠢᠨ ᠭᠤᠴᠢᠨ ᠬᠤᠶᠠᠷ ᠬᠠᠭᠠᠨ ᠤ | ᠳᠦᠷᠪᠡᠨ ᠵᠠᠭᠤ ᠬᠤᠷᠢ ᠶᠢᠰᠦᠨ ᠤᠨ ᠤ ᠨᠤᠶᠠᠷᠬᠠᠯ ᠨᠢᠭᠡᠮᠦᠰᠦᠨ ᠡᠴᠦᠰᠯᠡᠵᠦ ᠮᠤᠩᠭᠤᠯ ᠶᠤᠸᠠᠨ ᠤ ᠲᠡᠦᠬᠡ | ᠳᠠᠭᠤᠰᠤᠭᠰᠠᠨ ᠢ ᠬᠠᠷᠠᠭᠤᠯᠵᠠᠢ᠃ ᠭᠠᠯ ᠰᠢᠭ᠋ ᠪᠠᠳᠠᠷᠠᠵᠤ ᠪᠠᠶᠢᠭᠰᠠᠨ ᠮᠤᠩᠭᠤᠯ ᠤᠨ ᠲᠦᠷᠦ ᠭᠡᠨᠡᠳᠲᠡ ᠪᠠᠷ ᠭᠠᠯ | ᠰᠢᠭ᠋ ᠤᠨᠲᠠᠷᠠᠵᠤ ᠤᠷᠬᠢᠬᠤ ᠳᠤ ᠴᠠᠭᠠᠨᠬᠤᠲᠠ ᠶᠢᠨ ᠪᠠᠭᠤᠷᠢ ᠰᠢᠭ᠋ ᠤᠯᠠᠨ ᠤᠯᠠᠨ ᠲᠡᠦᠬᠡ ᠰᠤᠶᠤᠯ ᠤᠨ ᠬᠤᠲᠠ | ᠪᠠᠯᠭᠠᠳ ᠴᠦ ᠪᠠᠯᠠᠷᠠᠵᠤ ᠳᠠᠭᠤᠰᠴᠠᠢ᠃ ᠬᠡᠰᠢᠭᠲᠡᠨ ᠬᠤᠰᠢᠭᠤᠨ ᠤ ᠡᠮᠦᠨ᠎ᠡ ᠪᠡᠶ᠎ᠡ ᠳᠤ ᠪᠠᠶᠢᠭ᠎ᠠ ᠤᠯᠠᠭᠠᠨᠪᠤᠳᠤᠩ ᠪᠤᠯ | 1696 ᠤᠨ ᠳᠤ ᠵᠡᠭᠦᠨᠭᠠᠷ ᠤᠨ ᠭᠠᠯᠳᠠᠨ ᠪᠤᠱᠤᠭᠲᠤ ᠶᠢᠨ ᠴᠢᠩ ᠤᠯᠤᠰ ᠤᠨ ᠴᠡᠷᠢᠭ ᠲᠠᠢ ᠦᠬᠦᠵᠦ ᠰᠡᠬᠡᠬᠦ ᠶᠢᠨ | ᠳᠠᠶᠢᠨ ᠬᠢᠭᠰᠡᠨ ᠲᠡᠦᠬᠡᠨ ᠳᠤᠷᠠᠰᠬᠠᠯᠲᠤ ᠭᠠᠵᠠᠷ ᠪᠢᠯᠡ᠃ ᠤᠳᠤ ᠤᠯᠤᠰ ᠤᠨ A ᠳᠡᠰ ᠤᠨ ᠵᠢᠭᠤᠯᠴᠢᠯᠠᠯ ᠤᠨ | ᠭᠠᠵᠠᠷ ᠪᠤᠯᠤᠭᠰᠠᠨ ᠪᠦᠭᠡᠳ ᠺᠢᠨᠤ᠋ ᠰᠡᠭᠦᠳᠡᠷᠯᠡᠬᠦ ᠦᠨᠡᠲᠦ ᠲᠠᠯᠠᠪᠤᠷ ᠪᠤᠯᠵᠠᠢ᠃ 1636 ᠤᠨ ᠳᠤ ᠦᠪᠦᠷ ᠳᠦᠴᠢ | ᠶᠢᠰᠦᠨ ᠬᠤᠰᠢᠭᠤ᠂ 1957 ᠤᠨ ᠳᠤ ᠠᠷᠤ ᠲᠠᠪᠢᠨ ᠳᠤᠯᠤᠭᠠᠨ ᠬᠤᠰᠢᠭᠤ ᠡᠪᠦᠳᠦᠭ ᠰᠦᠬᠦᠷᠡᠨ ᠮᠠᠨᠵᠤ ᠳᠤ | ᠪᠠᠭᠤᠨ ᠦᠭᠭᠦᠭᠰᠡᠨ ᠦᠭᠡᠢ ᠪᠤᠯ ᠬᠠᠮᠤᠭ ᠨᠠᠭᠠᠲᠤ ᠵᠠᠬ᠎ᠠ ᠳᠠᠭᠠᠨ ︽ᠬᠠᠯᠬ᠎ᠠ ᠤᠶᠢᠷᠠᠳ ᠤᠨ ᠴᠠᠭᠠᠵᠠ︾ ᠪᠠᠨ | ᠳᠡᠷᠰᠯᠡᠵᠦ ᠬᠤᠭᠤᠷᠤᠨᠳᠤ ᠪᠠᠨ ᠳᠠᠶᠢᠰᠤᠩᠨᠠᠭᠰᠠᠨ ᠦᠭᠡᠢ ᠪᠤᠯ ᠬᠠᠨᠠᠰᠠ ᠤᠯᠠᠭᠠᠨᠪᠤᠳᠤᠩ ᠤᠨ ᠢᠯᠠᠭᠳᠠᠯ ᠪᠠᠶᠢᠬᠤ | ᠠᠵᠢ᠃ | | ᠤᠯᠠᠭᠠᠨᠬᠠᠳᠠ ᠪᠤᠯ ᠡᠷᠲᠡᠨ ᠠᠴᠠ ᠠᠪᠤᠭᠠᠳ ᠦᠯᠡᠮᠵᠢ ᠤᠯᠠᠨ ᠡᠷᠳᠡᠮᠲᠡᠨ ᠮᠡᠷᠭᠡᠳ ᠴᠢᠳᠠᠪᠤᠷᠢᠲᠠᠨ ᠢ | ᠦᠰᠬᠡᠨ ᠲᠦᠷᠦᠭᠦᠯᠦᠭᠰᠡᠨ ᠠᠯᠲᠠᠨ ᠨᠤᠲᠤᠭ ᠪᠢᠯᠡ᠃ ᠪᠠᠭᠠᠷᠢᠨ ᠠᠶᠢᠮᠠᠭ ᠤᠨ ᠪᠠᠶᠠᠨ ᠪᠤᠯ ᠬᠤᠪᠢᠯᠠᠢ ᠬᠠᠭᠠᠨ ᠤ | ᠵᠡᠭᠦᠨ ᠭᠠᠷᠤᠨ ᠴᠢᠩᠰᠠᠩ ᠪᠦᠭᠡᠳ ᠡᠮᠦᠨᠡᠲᠦ ᠰᠦᠩ ᠤᠯᠤᠰ ᠢ ᠮᠦᠬᠦᠭᠡᠭᠰᠡᠨ ᠶᠤᠸᠠᠨᠱᠤᠸᠠᠢ ᠶᠤᠮ᠃ ᠲᠡᠭᠦᠨ ᠤ | ᠡᠪᠦᠭᠡ ᠠᠯᠠᠭ ᠪᠤᠯ ᠴᠢᠩᠭᠢᠰ ᠬᠠᠭᠠᠨ ᠤ ᠨᠠᠶᠠᠨ ᠨᠠᠢᠮᠠᠨ ᠭᠠᠪᠢᠶᠠᠲᠠᠨ ᠰᠠᠶᠢᠳ ᠤᠨ ᠬᠤᠷᠢᠨ ᠵᠢᠷᠭᠤᠳᠤᠭᠠᠷ ᠲᠤ | ᠤᠷᠤᠳᠠᠭ ᠶᠤᠮ᠃ ᠪᠠᠶᠠᠨ ᠪᠤᠯ ᠨᠡᠷᠡᠲᠦ ᠵᠠᠩᠵᠤᠨ ᠭᠠᠪᠢᠶᠠᠲᠤ ᠰᠠᠶᠢᠳ ᠪᠤᠯᠬᠤ ᠪᠦᠭᠡᠳ ᠪᠠᠰᠠ ᠠᠯᠳᠠᠷᠲᠤ | ᠰᠢᠯᠦᠭᠴᠢᠨ ᠶᠤᠮ᠃ ᠲᠡᠭᠦᠨ ᠤ ︽ᠯᠢ ᠵᠢᠶᠠ ᠰᠢᠨ᠎ᠡ ᠬᠤᠲᠠ ᠶᠢ ᠪᠠᠶᠢᠯᠳᠤᠨ ᠡᠵᠡᠯᠡᠭᠰᠡᠨ ᠨᠢ︾᠂ ︽ᠲᠠᠰᠢᠭᠤᠷ︾ | ᠵᠡᠷᠭᠡ ᠰᠢᠯᠦᠭ ᠤᠳ ᠨᠢ ᠦᠪ ᠰᠤᠶᠤᠯ ᠤᠨ ᠳᠠᠷᠬᠠᠨ ᠬᠦᠮᠦᠷᠭᠡ ᠳᠤ ᠡᠷᠳᠡᠨᠢ ᠪᠤᠯᠵᠤ ᠦᠯᠡᠳᠡᠵᠡᠢ᠃ ᠮᠤᠩᠭᠤᠯᠴᠤᠳ | ᠡᠷᠲᠡ ᠠᠴᠠ ᠤᠳᠤ ᠪᠤᠯᠲᠠᠯ᠎ᠠ ᠤᠶᠢᠭᠤᠷᠵᠢᠨ ᠮᠤᠩᠭᠤᠯ ᠦᠰᠦᠭ᠂ ᠳᠦᠷᠪᠡᠯᠵᠢᠨ ᠦᠰᠦᠭ᠂ ᠰᠤᠶᠤᠩᠪᠤ ᠦᠰᠦᠭ᠂ | ᠠᠯᠢ ᠭᠠᠯᠢ ᠦᠰᠦᠭ᠂ ᠺᠢᠷᠢᠯ ᠦᠰᠦᠭ ᠵᠡᠷᠭᠡ ᠶᠢ ᠬᠡᠷᠡᠭᠯᠡᠵᠦ ᠦᠩᠭᠡᠷᠡᠭᠰᠡᠨ ᠶᠤᠮ᠃ ᠡᠭᠦᠨ ᠳᠤ ᠠᠯᠢ ᠭᠠᠯᠢ | ᠦᠰᠦᠭ ᠢ ᠬᠠᠷᠠᠴᠢᠨ ᠭᠦᠦᠰᠢ ᠠᠶᠤᠰᠢ ᠪᠠᠭᠰᠢᠲᠠᠨ 1587 ᠤᠨ ᠳᠤ ᠵᠤᠬᠢᠶᠠᠭᠰᠠᠨ ᠪᠢᠯᠡ᠃ ᠬᠠᠷᠠᠴᠢᠨ ᠸᠠᠩ | ᠭᠦᠩᠰᠠᠩᠨᠤᠷᠪᠤ ᠪᠤᠯ ᠴᠢᠩ ᠤᠯᠤᠰ ᠤᠨ ᠰᠡᠭᠦᠯᠴᠢ ᠶᠢᠨ ᠦᠶ᠎ᠡ ᠪᠠᠷ ᠠᠮᠢᠳᠤᠷᠠᠵᠤ ᠪᠠᠶᠢᠭᠰᠠᠨ ᠠᠯᠳᠠᠷ ᠮᠠᠨᠳᠤᠭᠰᠠᠨ | ᠰᠡᠭᠡᠭᠡᠷᠡᠭᠰᠡᠨ ᠨᠤᠶᠠᠨ᠂ ᠰᠤᠤᠲᠤ ᠰᠤᠷᠭᠠᠨ ᠬᠦᠮᠦᠵᠢᠭᠦᠯᠦᠭᠴᠢ᠂ ᠨᠡᠷᠡᠲᠦ ᠰᠢᠯᠦᠭᠴᠢ᠂ ᠤᠷᠠᠨ ᠪᠢᠴᠢᠯᠭᠡᠲᠡᠨ᠂ | ᠵᠢᠷᠤᠭᠴᠢᠨ ᠪᠤᠯᠬᠤ ᠶᠤᠮ᠃ ᠲᠡᠷᠡ ᠨᠤᠲᠤᠭ ᠤᠰᠤᠨ ᠳᠠᠭᠠᠨ ᠴᠦᠩ ᠵᠧᠩ ᠡᠮᠡᠭᠲᠡᠶᠢᠴᠦᠳ ᠤᠨ ᠰᠤᠷᠭᠠᠭᠤᠯᠢ᠂ | ᠱᠸᠦ ᠵᠧᠩ ᠡᠦ ᠴᠡᠷᠢᠭ ᠤᠨ ᠰᠤᠷᠭᠠᠭᠤᠯᠢ ᠶᠢ ᠪᠠᠶᠢᠭᠤᠯᠤᠭᠰᠠᠨ ᠶᠤᠮ᠃ ᠪᠠᠰᠠ ᠰᠤᠨᠢᠨ ᠤ ᠬᠤᠷᠢᠶ᠎ᠠ ᠪᠠᠶᠢᠭᠤᠯᠤᠨ ︽ | ᠢᠩ ᠪᠤᠤ︾ ᠰᠤᠨᠢᠨ ᠡᠷᠬᠢᠯᠡᠵᠡᠢ᠃ ᠲᠡᠷᠡ ᠪᠠᠰᠠ ᠰᠢᠦᠳᠡᠨ ᠭᠠᠵᠠᠷ᠂ ᠳ᠋ᠢᠶᠠᠨᠪᠤᠤ ᠬᠦᠯᠢᠶᠡᠨ ᠠᠪᠬᠤ ᠭᠠᠵᠠᠷ ᠢ | ᠪᠠᠶᠢᠭᠤᠯᠤᠨ ᠴᠢᠮᠡᠭᠡ ᠬᠤᠯᠪᠤᠭᠠᠨ ᠤ ᠦᠢᠯᠡᠰ ᠢ ᠬᠦᠭᠵᠢᠭᠦᠯᠦᠭᠰᠡᠨ ᠪᠦᠭᠡᠳ ᠪᠦᠰ ᠨᠡᠬᠡᠬᠦ᠂ ᠬᠦᠷᠢ ᠲᠡᠵᠢᠭᠡᠬᠦ᠂ | ᠪᠤᠳᠤᠭ ᠤᠷᠤᠭᠤᠯᠬᠤ᠂ ᠢᠰᠡᠭᠡᠢ ᠬᠢᠬᠦ᠂ ᠰᠠᠪᠤᠩ ᠬᠢᠬᠦ᠂ ᠯᠠ ᠬᠢᠬᠦ᠂ ᠪᠤᠳᠤᠭ ᠬᠢᠬᠦ᠂ ︽ᠰᠠᠨ ᠢ ᠭᠠᠳᠠᠭᠠᠳᠤ | ᠪᠠᠩᠬᠢ︾ ᠪᠠᠶᠢᠭᠤᠯᠬᠤ ᠵᠡᠷᠭᠡ ᠤᠷᠤᠨ ᠨᠤᠲᠤᠭ ᠤᠨ ᠠᠵᠤ ᠦᠢᠯᠡᠰ ᠢ ᠡᠷᠬᠢᠯᠡᠵᠦ᠂ ᠬᠤᠰᠢᠭᠤ ᠨᠤᠲᠤᠭ ᠤᠨ ᠢᠶᠠᠨ | ᠦᠢᠯᠡᠳᠪᠦᠷᠢ ᠬᠤᠳᠠᠯᠳᠤᠭ᠎ᠠ ᠶᠢ ᠬᠦᠭᠵᠢᠭᠦᠯᠪᠡ᠃ ᠮᠤᠩᠭᠤᠯ ᠦᠰᠦᠭ ᠤᠨ ᠬᠤᠷᠭᠤᠯᠵᠢᠨ ᠪᠠᠷ ᠢ ᠡᠭᠦᠳᠦᠭᠰᠡᠨ | ᠡᠷᠳᠡᠮᠲᠡᠨ ᠲᠡᠮᠡᠭᠡᠲᠦ ᠪᠤᠯ ᠤᠳᠤ ᠶᠢᠨ ᠤᠯᠠᠭᠠᠨᠬᠠᠳᠠ ᠬᠤᠲᠠ ᠶᠢᠨ ᠬᠠᠷᠠᠴᠢᠨ ᠬᠤᠰᠢᠭᠤᠨ ᠤ ᠳ᠋ᠠ ᠰᠢ ᠭᠸᠦ | ᠲᠤᠰᠬᠤᠨ ᠤ ᠬᠦᠮᠦᠨ ᠪᠢᠯᠡ᠃ ᠲᠡᠷᠡ ᠪᠠᠷ ᠢᠶᠠᠷ ︽ᠬᠦᠬᠡ ᠰᠤᠳᠤᠷ︾᠂ ︽ᠶᠤᠸᠠᠨ ᠤᠯᠤᠰ ᠤᠨ ᠲᠡᠦᠬᠡ︾᠂ ︽ | ᠴᠢᠩᠭᠢᠰ ᠪᠤᠭᠳᠠ ᠶᠢᠨ ᠳᠤᠷᠠᠰᠬᠠᠯ ᠤᠨ ᠲᠡᠭᠦᠪᠦᠷᠢ︾ ᠁ ᠵᠡᠷᠭᠡ ᠶᠢ ᠬᠡᠪᠯᠡᠭᠦᠯᠦᠨ ᠲᠠᠷᠬᠠᠭᠠᠭᠰᠠᠨ ᠢ ᠤᠳᠤ | ᠪᠤᠳᠤᠵᠤ ᠦᠵᠡᠪᠡᠯ ᠮᠤᠩᠭᠤᠯ ᠦᠰᠦᠭ ᠪᠢᠴᠢᠭ ᠤᠨ ᠬᠦᠭᠵᠢᠯᠲᠡ ᠳᠤ ᠯᠤᠲᠤ ᠶᠡᠭᠡ ᠭᠠᠪᠢᠶ᠎ᠠ ᠪᠠᠶᠢᠭᠤᠯᠤᠭᠰᠠᠨ | ᠶᠠᠪᠤᠳᠠᠯ ᠪᠤᠯᠬᠤ ᠶᠤᠮ᠃ ︽ᠠᠯᠲᠠᠨ ᠬᠦᠷᠳᠦᠨ ᠮᠢᠩᠭᠠᠨ ᠬᠡᠭᠡᠰᠦᠳᠦ︾ ᠭᠡᠮᠡᠬᠦ ᠮᠤᠩᠭᠤᠯ ᠤᠨ ᠲᠡᠦᠬᠡ ᠶᠢ | ᠵᠤᠬᠢᠶᠠᠭᠰᠠᠨ ᠦᠯᠡᠮᠵᠢ ᠪᠢᠯᠢᠭᠲᠦ ᠡᠷᠳᠡᠨᠢ ᠭᠦᠦᠰᠢ ᠳ᠋ᠠᠷᠮ᠎ᠠ᠂ ︽ᠪᠤᠯᠤᠷ ᠡᠷᠢᠬᠡ︾ ᠶᠢ ᠪᠢᠴᠢᠭᠰᠡᠨ ᠷᠠᠰᠢᠫᠤᠩᠰᠤᠭ᠂ | ᠠᠷᠠᠳ ᠤᠨ ᠠᠮᠠᠨ ᠢᠷᠠᠭᠤ ᠨᠠᠶᠢᠷᠠᠭᠴᠢ ᠱᠠᠭᠳᠠᠷ᠂ ︽ᠵᠡᠭᠦᠨ ᠮᠤᠩᠭᠤᠯ ᠤᠨ ᠪᠢᠴᠢᠭ ᠤᠨ ᠬᠤᠷᠢᠶ᠎ᠠ︾ ᠶᠢᠨ | ᠤᠴᠤᠭ ᠤᠨ ᠴᠢᠯᠠᠭᠤ ᠶᠢ ᠲᠠᠯᠪᠢᠭᠰᠠᠨ ᠬᠡᠰᠢᠭᠲᠡᠨ ᠷᠤᠯᠭᠠᠷᠵᠠᠪ᠂ ᠠᠷᠤ ᠬᠤᠷᠴᠢᠨ ᠨᠤᠲᠤᠭ ᠲᠠᠢ ᠠᠯᠳᠠᠷᠲᠤ | ᠬᠤᠭᠤᠷᠴᠢ ᠪᠤᠶᠠᠨᠨᠡᠮᠡᠬᠦ ᠁ ᠨᠠᠷ ᠪᠤᠯ ᠪᠦᠷ ᠤᠯᠠᠭᠠᠨᠬᠠᠳᠠ ᠶᠢᠨ ᠲᠤᠷᠭᠠᠨ ᠬᠦᠷᠦᠰᠦᠨ ᠠᠴᠠ ᠢᠳᠡᠷᠡᠭᠦᠨ | ᠤᠷᠭᠤᠭᠰᠠᠨ ᠠᠯᠲᠠᠨ ᠭᠠᠴᠤᠷ᠎ᠠ ᠶᠤᠮ︕ ᠬᠡᠰᠢᠭᠲᠡᠨ ᠤ ᠭᠠᠴᠤᠷ᠎ᠠ ᠤᠢ ᠳᠡᠯᠡᠬᠡᠢ ᠳᠤ ᠭᠠᠭᠴᠠᠬᠠᠨ ᠪᠠᠶᠢᠳᠠᠭ ᠲᠠᠢ | ᠠᠳᠠᠯᠢ ᠪᠠᠷ ᠡᠳᠡᠨᠡᠷ ᠪᠤᠯ ᠮᠤᠩᠭᠤᠯ ᠰᠤᠶᠤᠯ ᠤᠨ ᠬᠠᠴᠢᠨ ᠰᠤᠤᠲᠤ ᠲᠠᠷᠬᠠᠨ ᠪᠢᠯᠡ᠃ | | | | | | |