| ᠲᠠᠷᠭᠤᠳᠠᠢ ᠬᠢᠷᠢᠯᠳᠤᠭ ᠪᠤᠯ ︽ᠨᠢᠷᠤᠭᠤᠨ ᠮᠤᠩᠭᠤᠯ︾ ᠤᠨ ᠳᠠᠶᠢᠴᠢᠭᠤᠳ ᠠᠶᠢᠮᠠᠭ ᠤᠨ ᠲᠦᠷᠦᠭᠦᠦ | ᠪᠤᠯᠤᠨ᠎ᠠ᠃ ᠴᠢᠩᠭᠢᠰ ᠬᠠᠭᠠᠨ ᠲᠡᠮᠦᠵᠢᠨ ᠲᠠᠢ ᠲᠦᠷᠦᠯ ᠤᠪᠤᠭ ᠪᠤᠯᠬᠤ ᠶᠤᠮ᠃ | ᠲᠠᠶᠢᠴᠢᠭᠤᠳ ᠠᠶᠢᠮᠠᠭ ᠤᠨᠤᠨ ᠮᠦᠷᠡᠨ᠂ ᠬᠡᠷᠦᠯᠦᠨ ᠭᠤᠤᠯ ᠤᠨ ᠤᠷᠴᠢᠮ ᠢᠶᠠᠷ ᠨᠤᠲᠤᠭᠯᠠᠵᠤ ᠪᠠᠶᠢᠪᠠ᠃ | ᠶᠢᠰᠦᠭᠡᠢ ᠪᠠᠭᠠᠲᠤᠷ ᠠᠮᠢᠳᠤ ᠰᠡᠷᠡᠭᠦᠨ ᠪᠠᠶᠢᠬᠤ ᠳᠤ ᠲᠡᠭᠦᠨ ᠤ ᠡᠷᠬᠡ ᠰᠦᠷ ᠤᠨ ᠳᠤᠤᠷ᠎ᠠ ᠤᠯᠠᠨ ᠠᠶᠢᠮᠠᠭ | ᠤᠪᠤᠭᠲᠠᠨ ᠴᠤᠭᠯᠠᠷᠠᠵᠤ ᠪᠠᠶᠢᠵᠠᠢ᠃ ᠲᠠᠶᠢᠴᠢᠭᠤᠳ ᠠᠶᠢᠮᠠᠭ ᠳᠠᠷᠤᠢ ᠲᠡᠭᠦᠨ ᠤ ᠲᠤᠲᠤᠷᠠᠬᠢ ᠨᠢᠭᠡ ᠨᠢ ᠶᠤᠮ᠃ | 1170 ᠤᠨ ᠳᠤ ᠲᠡᠮᠦᠵᠢᠨ ᠤ ᠡᠴᠢᠭᠡ ᠶᠢᠰᠦᠭᠡᠢ ᠪᠠᠭᠠᠲᠤᠷ ᠲᠠᠲ᠋ᠠᠷᠴᠤᠳ ᠲᠤ ᠬᠤᠤᠷᠯᠠᠭᠳᠠᠵᠤ | ᠦᠬᠦᠵᠡᠢ᠃ ᠡᠨᠡ ᠨᠢ ᠲᠡᠭᠦᠨ ᠤ ᠡᠷᠬᠡ ᠰᠦᠷ ᠳᠤᠤᠷ᠎ᠠ ᠪᠠᠶᠢᠭᠰᠠᠨ ᠵᠠᠷᠢᠮ ᠵᠡᠷᠯᠢᠭ ᠰᠠᠨᠠᠭᠠᠲᠠᠨ ᠳᠤ ᠤᠯᠳᠠᠰᠢ ᠦᠭᠡᠢ | ᠵᠠᠪᠰᠢᠶᠠᠨ ᠪᠤᠯᠵᠤ᠂ ᠬᠤᠪᠢ ᠬᠤᠪᠢᠨ ᠤ ᠵᠠᠮ ᠢᠶᠠᠨ ᠬᠦᠭᠡᠭᠡᠵᠦ᠂ ᠲᠤᠰ ᠲᠤᠰ ᠲᠠᠭᠠᠨ ᠨᠢᠭᠡᠨ ᠭᠠᠵᠠᠷ ᠢ | ᠡᠵᠡᠷᠬᠡᠭᠯᠡᠬᠦ ᠪᠠᠷ ᠤᠷᠤᠯᠳᠤᠵᠠᠢ᠃ ᠲᠡᠳᠡᠭᠡᠷ ᠠᠶᠢᠮᠠᠭ ᠤᠪᠤᠭᠲᠠᠨ ᠤ ᠲᠤᠲᠤᠷ᠎ᠠ ᠲᠠᠶᠢᠴᠢᠭᠤᠳ ᠠᠶᠢᠮᠠᠭ ᠤᠨ | ᠲᠠᠷᠭᠤᠳᠠᠢ ᠬᠢᠷᠢᠯᠳᠤᠭ ᠲᠤᠯᠤᠭᠠᠶᠢᠯᠠᠬᠤ ᠦᠢᠯᠡᠳᠦᠯ ᠭᠠᠷᠭᠠᠭᠰᠠᠨ ᠪᠠᠶᠢᠨ᠎ᠠ᠃ ᠲᠡᠷᠡ ᠶᠢᠰᠦᠭᠡᠢ ᠪᠠᠭᠠᠲᠤᠷ ᠤᠨ | ᠭᠡᠷ ᠤᠨ ᠬᠦᠮᠦᠰ ᠢ ᠤᠷᠬᠢᠵᠤ ᠰᠠᠯᠵᠤ ᠶᠠᠪᠤᠪᠠ᠃ ᠡᠭᠦᠨ ᠢᠶᠠᠷ ᠪᠠᠷᠠᠬᠤ ᠦᠭᠡᠢ ᠶᠢᠰᠦᠭᠡᠢ ᠪᠠᠭᠠᠲᠤᠷ ᠤᠨ ᠬᠠᠷᠢᠶᠠᠲᠤ | ᠠᠷᠠᠳ ᠢᠷᠭᠡᠳ ᠢ ᠨᠢ ᠳᠠᠭᠠᠭᠤᠯᠤᠨ ᠶᠠᠪᠤᠪᠠ᠃ ᠡᠨᠡ ᠦᠶ᠎ᠡ ᠳᠤ ᠬᠤᠩᠬᠤᠲᠠᠨ ᠤᠪᠤᠭ ᠤᠨ ᠴᠢᠷᠭ᠎ᠠ ᠭᠡᠳᠡᠭ | ᠡᠪᠦᠭᠡᠨ ᠲᠠᠶᠢᠴᠢᠭᠤᠳ ᠢ ᠦᠯᠡᠳᠡᠭᠡᠵᠦ ᠠᠪᠬᠤ ᠪᠠᠷ ᠬᠤᠷᠢᠭᠯᠠᠭᠰᠠᠨ ᠳᠤ ᠲᠦᠲᠦᠭᠡᠨ ᠬᠢᠷᠾᠠ ︵ᠲᠠᠷᠭᠤᠳᠠᠢ | ᠬᠢᠷᠢᠯᠳᠤᠭ ᠤᠨ ᠠᠬ᠎ᠠ ᠳᠡᠭᠦᠦ︶ ᠴᠢᠷᠭ᠎ᠠ ᠡᠪᠦᠭᠡᠨ ᠢ ᠵᠢᠳᠠᠯᠠᠵᠤ ᠨᠢᠷᠤᠭᠤ ᠶᠢ ᠨᠢ ᠰᠢᠷᠬᠠᠲᠤᠭᠤᠯᠤᠭᠰᠠᠨ ᠪᠢᠯᠡ᠃ | ᠭᠡᠮ ᠲᠠᠢ ᠬᠦᠮᠦᠨ ᠭᠡᠭᠡᠨ ᠤᠬᠠᠭᠠᠨ ᠲᠠᠢ ᠭᠡᠰᠡᠨᠴᠢᠯᠡᠨ᠂ ᠲᠡᠮᠦᠵᠢᠨ ᠦᠭᠡᠯᠡᠢ ᠦᠨᠳᠦᠷ ᠪᠤᠯᠪᠠᠯ ᠦᠰᠢᠶ᠎ᠡ | ᠠᠪᠬᠤ ᠠᠴᠠ ᠪᠤᠯᠭᠤᠮᠵᠢᠯᠠᠵᠤ᠂ 1177 ᠤᠨ ᠳᠤ ᠲᠠᠶᠢᠴᠢᠭᠤᠳ ᠤᠨ ᠲᠦᠷᠦᠭᠦᠦ ᠲᠠᠷᠭᠤᠳᠠᠢ ᠬᠢᠷᠢᠯᠳᠤᠭ | ᠪᠡᠶ᠎ᠡ ᠪᠠᠷ ᠢᠶᠠᠨ ᠴᠡᠷᠢᠭ ᠳᠠᠶᠢᠴᠢᠯᠠᠨ ᠭᠡᠨᠡᠳᠲᠡ ᠶᠢᠨ ᠳᠠᠭᠠᠷᠢᠯᠲᠠ ᠬᠢᠵᠦ ᠲᠡᠮᠦᠵᠢᠨ ᠢ ᠪᠠᠷᠢᠪᠴᠢᠯᠠᠭᠰᠠᠨ ᠪᠠᠶᠢᠨ᠎ᠠ᠃ | ᠲᠡᠮᠦᠵᠢᠨ ᠤ ᠭᠠᠷ ᠪᠠ ᠬᠦᠯ ᠳᠤᠨᠢ ᠭᠠᠪᠠ ᠳᠦᠩᠭᠡ ᠵᠡᠭᠦᠯᠭᠡᠵᠦ᠂ ᠠᠶᠢᠯ ᠪᠦᠷᠢ ᠶᠢ ᠡᠷᠦᠬᠡ ᠳᠠᠷᠠᠭᠠᠯᠠᠨ ᠬᠡᠰᠦᠭᠦᠯᠵᠦ | ᠰᠦᠷ ᠦᠵᠡᠭᠦᠯᠵᠦ ᠪᠠᠶᠢᠵᠠᠢ᠃ | ᠳᠠᠷᠭᠤᠳᠠᠢ ᠬᠢᠷᠢᠯᠳᠤᠭ ᠲᠦᠷᠦᠭᠦᠳᠡᠢ ᠲᠠᠶᠢᠴᠢᠭᠤᠳ ᠤᠨᠤᠨ ᠮᠦᠷᠡᠨ ᠤ ᠡᠷᠭᠢ ᠳᠡᠭᠡᠷ᠎ᠡ ᠶᠡᠭᠡ ᠪᠠᠷ | ᠬᠤᠷᠢᠮᠯᠠᠵᠤ ᠪᠠᠶᠢᠬᠤ ᠳᠤᠨᠢ ᠲᠡᠮᠦᠵᠢᠨ ᠲᠤᠲᠠᠭᠠᠨ ᠭᠠᠷᠴᠤ ᠢᠷᠡᠭᠡᠳ᠂ ᠰᠦᠯᠲᠦᠰ ᠤᠪᠤᠭ ᠤᠨ ᠰᠤᠷᠬᠠᠨ ᠰᠢᠷ᠎ᠠ | ᠭᠡᠭᠴᠢ ᠶᠢᠨ ᠲᠤᠰᠠᠯᠠᠮᠵᠢ ᠪᠠᠷ ᠦᠪᠡᠷ ᠤᠨ ᠭᠡᠷ ᠵᠦᠭ ᠢᠶᠠᠨ ᠠᠮᠢ ᠵᠢᠭᠤᠳᠠᠵᠤ ᠶᠠᠪᠤᠪᠠ᠃ | 1202 ᠤᠨ ᠳᠤ ᠬᠦᠢᠲᠡᠨ ᠭᠡᠳᠡᠭ ᠭᠠᠵᠠᠷ ᠲᠤ ᠲᠡᠮᠦᠵᠢᠨ ᠬᠢᠭᠡᠳ ᠵᠠᠮᠤᠬ᠎ᠠ ᠬᠤᠭᠤᠷᠤᠨᠳᠤ ᠪᠠᠨ ᠶᠡᠬᠡᠲᠡ | ᠳᠠᠶᠢᠯᠠᠯᠳᠤᠪᠠ᠃ ᠡᠨᠡ ᠤᠳᠠᠭ᠎ᠠ ᠶᠢᠨ ᠳᠠᠶᠢᠯᠠᠯᠳᠤᠭᠠᠨ ᠳᠤ ᠲᠠᠶᠢᠴᠢᠭᠤᠳ ᠠᠶᠢᠮᠠᠭ ᠵᠠᠮᠤᠬ᠎ᠠ ᠶᠢ ᠳᠡᠮᠵᠢᠵᠦ᠂ | ᠬᠡᠷᠡᠶᠢᠳ ᠤᠨ ᠰᠡᠩᠭᠦᠮ ᠤᠨ ᠴᠡᠷᠢᠭ ᠲᠤ ᠴᠤᠬᠢᠭᠳᠠᠨ ᠳᠡᠶᠢᠯᠦᠭᠳᠡᠭᠡᠳ ᠲᠤᠲᠠᠭᠠᠭᠰᠠᠨ ᠪᠠᠶᠢᠵᠠᠢ᠃ | ᠮᠦᠨ ᠤᠨ ᠳᠤ ︵1202 ᠤᠨ︶ ᠲᠠᠶᠢᠴᠢᠭᠤᠳ ᠤᠨ ᠲᠠᠷᠭᠤᠳᠠᠢ ᠬᠢᠷᠢᠯᠳᠤᠭ ᠪᠤᠰᠤᠳ ᠬᠡᠳᠦᠨ | ᠲᠦᠷᠦᠭᠦᠦ ᠲᠠᠢ ᠪᠠᠨ ᠬᠠᠮᠲᠤᠷᠠᠨ ᠲᠡᠮᠦᠵᠢᠨ ᠲᠠᠢ ᠰᠢᠷᠦᠭᠦᠨ ᠪᠠᠶᠢᠯᠳᠤᠪᠠ᠃ ᠡᠨᠡ ᠤᠳᠠᠭ᠎ᠠ ᠶᠢᠨ ᠶᠡᠭᠡ ᠪᠠᠶᠢᠯᠳᠤᠭᠠᠨ | ᠨᠢ ᠬᠡᠳᠦᠨ ᠡᠳᠦᠷ ᠰᠢᠷᠦᠭᠦᠨ ᠶᠠᠪᠤᠭᠳᠠᠵᠤ᠂ ᠲᠡᠮᠦᠵᠢᠨ ᠢ ᠰᠢᠷᠬᠠᠲᠤᠭᠤᠯᠤᠭᠰᠠᠨ ᠪᠤᠯᠪᠠᠴᠤ ᠲᠠᠶᠢᠴᠢᠭᠤᠳ ᠤᠨ | ᠠᠭᠤᠴᠤ ᠪᠠᠭᠠᠲᠤᠷ᠂ ᠬᠤᠲᠤᠨ ᠤᠷᠴᠠᠩ᠂ ᠬᠤᠲᠤᠭᠤᠳᠠᠷ ᠵᠡᠷᠭᠡ ᠲᠦᠷᠦᠭᠦᠴᠦᠳ ᠴᠦᠮ ᠠᠯᠠᠭᠳᠠᠪᠠ᠃ ᠲᠠᠷᠭᠤᠳᠠᠢ | ᠬᠢᠷᠢᠯᠳᠤᠭ ᠭᠠᠭᠴᠠᠭᠠᠷ ᠢᠶᠠᠨ ᠠᠮᠢ ᠵᠤᠯᠪᠠᠨ ᠲᠤᠲᠠᠭᠠᠵᠤ ᠪᠦᠬᠦᠢ ᠳᠤ ᠨᠢᠴᠦᠭᠦᠨ ᠪᠠᠭᠠᠷᠢᠨ ᠤ ᠰᠢᠷᠭᠦᠭᠡᠲᠦ ᠡᠪᠦᠭᠡᠨ | ᠬᠤᠶᠠᠷ ᠬᠦᠪᠡᠭᠦᠨ ᠲᠠᠢ ᠪᠠᠨ ᠪᠠᠷᠢᠵᠤ ᠠᠪᠤᠪᠠ᠃ ᠡᠳᠡᠨᠦᠰ ᠪᠤᠯ ᠲᠠᠷᠭᠤᠳᠠᠢ ᠬᠢᠷᠢᠯᠳᠤᠭ ᠤᠨ ᠬᠠᠷᠢᠶᠠᠲᠤ ᠪᠤᠯᠬᠤ | ᠶᠤᠮ᠃ ᠰᠢᠷᠭᠦᠭᠡᠲᠦ ᠡᠪᠦᠭᠡᠨ ᠲᠡᠮᠦᠵᠢᠨ ᠲᠡᠳᠡᠨᠦᠰ ᠢ ᠡᠵᠡᠨ ᠳᠡᠭᠡᠨ ᠬᠠᠯᠳᠠᠭᠰᠠᠨ ᠬᠦᠮᠦᠨ ᠭᠡᠮᠡᠨ ᠢᠲᠡᠭᠡᠬᠦ | ᠦᠭᠡᠢ ᠠᠴᠠ ᠪᠤᠯᠭᠤᠮᠵᠢᠯᠠᠨ᠂ ᠲᠠᠷᠭᠤᠳᠠᠢ ᠬᠢᠷᠢᠯᠳᠤᠭ ᠢ ᠲᠠᠯᠪᠢᠵᠤ ᠶᠠᠪᠤᠭᠤᠯᠤᠭᠠᠳ᠂ ᠡᠴᠢᠭᠡ ᠬᠦᠪᠡᠭᠦᠨ | ᠭᠤᠷᠪᠠᠭᠤᠯᠠ ᠦᠪᠡᠷ ᠤᠨ ᠠᠷᠠᠳ ᠢᠷᠭᠡᠳ ᠢᠶᠠᠨ ᠳᠠᠭᠠᠭᠤᠯᠤᠨ ᠴᠢᠩᠭᠢᠰ ᠬᠠᠭᠠᠨ ᠳᠤ ᠪᠠᠭᠤᠵᠤ ᠦᠭᠪᠡ᠃ | ᠲᠠᠶᠢᠴᠢᠭᠤᠳ ᠤᠨ ᠲᠦᠷᠦᠭᠦᠦ ᠲᠠᠷᠭᠤᠳᠠᠢ ᠬᠢᠷᠢᠯᠳᠤᠭ ᠲᠠᠯᠪᠢᠭᠳᠠᠭᠰᠠᠨ ᠤ ᠬᠤᠶᠢᠨ᠎ᠠ ᠬᠡᠷᠬᠢᠭᠰᠡᠨ ᠲᠤᠬᠠᠢ | ᠦᠭᠡᠷ᠎ᠡ ᠮᠡᠳᠡᠭᠡ ᠦᠭᠡᠢ᠃ | |