ᠬᠠᠶᠢᠳᠤ
ᠨᠡᠶᠢᠲᠡᠯᠡᠭᠰᠡᠨ ᠴᠠᠭ᠄
2018-07-30
       ᠬᠠᠶᠢᠳᠤ ᠪᠤᠯ ᠦᠭᠡᠳᠡᠢ ᠬᠠᠭᠠᠨ ᠤ ᠬᠤᠶᠠᠳᠤᠭᠠᠷ ᠬᠦᠪᠡᠭᠦᠨ ᠬᠠᠰᠢ ᠶᠢᠨ ᠬᠦᠪᠡᠭᠦᠨ ᠪᠤᠯᠤᠨ᠎ᠠ᠃ ᠲᠡᠷᠡ ᠰᠦᠰᠦ ᠵᠤᠷᠢᠭᠲᠠᠢ ᠭᠠᠷᠮᠠᠭᠠᠢ ᠪᠠᠭᠠᠲᠤᠷ ᠡᠷ᠎ᠡ ᠶᠤᠮ᠃        1251 ᠤᠨ ᠳᠤ ᠮᠦᠩᠬᠡ ᠮᠤᠩᠭᠤᠯ ᠤᠨ ᠶᠡᠭᠡ ᠬᠠᠭᠠᠨ ᠢᠶᠠᠷ ᠡᠷᠭᠦᠮᠵᠢᠯᠡᠭᠳᠡᠭᠰᠡᠨ ᠤ ᠳᠠᠷᠠᠭ᠎ᠠ᠂ ᠬᠠᠶᠢᠳᠤ ᠶᠢᠨ ᠤᠶᠢᠷ᠎ᠠ ᠲᠦᠷᠦᠯ ᠨᠢ ᠤᠷᠪᠠᠭᠰᠠᠨ ᠶᠠᠯ᠎ᠠ ᠪᠠᠷ ᠰᠢᠢᠳᠬᠡᠭᠳᠡᠵᠦ᠂ ᠠᠯᠠᠭᠳᠠᠵᠤ᠂ ᠴᠦᠯᠡᠭᠳᠡᠵᠦ ᠪᠠᠶᠢᠭᠰᠠᠨ ᠢ ᠲᠡᠷᠡ ᠨᠢᠳᠦ ᠪᠠᠷ ᠢᠶᠠᠨ ᠬᠠᠷᠠᠵᠤ ᠪᠠᠶᠢᠵᠠᠢ᠃ ᠢᠯᠠᠩᠭᠤᠶ᠎ᠠ ᠡᠪᠦᠭᠡ ᠳᠡᠭᠡᠳᠦᠰ ᠠᠴᠠ ᠪᠠᠨ ᠨᠠᠭᠠᠰᠢ ᠡᠵᠡᠮᠰᠢᠭᠰᠡᠭᠡᠷ ᠢᠷᠡᠭᠰᠡᠨ ︽ᠦᠭᠡᠳᠡᠢ ᠬᠠᠨᠲᠤ ᠤᠯᠤᠰ︾ ᠤᠨ ᠨᠤᠲᠤᠭ ᠳᠡᠪᠢᠰᠬᠡᠷ ᠢᠶᠠᠨ ᠬᠡᠳᠦᠨ ᠲᠡᠶᠢᠰᠢ ᠬᠡᠰᠡᠭᠯᠡᠭᠳᠡᠭᠰᠡᠨ ᠢᠶᠠᠷ ᠪᠠᠷᠠᠬᠤ ᠦᠭᠡᠢ ᠬᠠᠶᠢᠳᠤ ᠶᠢᠨ ᠤᠶᠢᠷ᠎ᠠ ᠲᠦᠷᠦᠯ ᠤᠨ ᠴᠡᠷᠢᠭ ᠵᠠᠬᠢᠷᠬᠤ ᠡᠷᠬᠡ ᠪᠠᠨ ᠴᠦ ᠴᠦᠮ ᠬᠠᠰᠤᠭᠳᠠᠭᠰᠠᠨ ᠪᠢᠯᠡ᠃ ᠵᠤᠯ ᠵᠠᠪᠰᠢᠶᠠᠨ ᠢᠶᠠᠷ ᠬᠠᠶᠢᠳᠤ ᠤᠷᠪᠠᠭᠴᠢ ᠪᠠᠷ ᠠᠪᠲᠠᠭᠳᠠᠭᠰᠠᠨ ᠦᠭᠡᠢ᠂ ᠬᠠᠶᠢᠶᠠᠯᠢ ᠤᠷᠤᠨ ᠢ ᠡᠵᠡᠮᠰᠢᠯ ᠨᠤᠲᠤᠭ ᠢᠶᠠᠷ ᠬᠤᠪᠢᠳᠠᠵᠤ ᠤᠯᠵᠠᠢ᠃ ᠲᠡᠷᠡ ᠦᠶ᠎ᠡ ᠳᠤ ᠬᠠᠶᠢᠳᠤ ᠰᠢᠨ᠎ᠡ ᠰᠤᠩᠭᠤᠭᠳᠠᠭᠰᠠᠨ ᠬᠠᠭᠠᠨ ᠮᠦᠩᠬᠡ ᠶᠢᠨ ᠵᠠᠷᠯᠢᠭ ᠪᠠ ᠲᠤᠬᠢᠷᠠᠭᠤᠯᠤᠯᠲᠠ ᠶᠢ ᠳᠠᠭᠤᠨ ᠦᠭᠡᠢ ᠬᠦᠯᠢᠶᠡᠬᠦ ᠠᠴᠠ ᠦᠭᠡᠷ᠎ᠡ ᠶᠠᠮᠠᠷ ᠠᠷᠭ᠎ᠠ ᠪᠠᠶᠢᠬᠤ ᠠᠵᠢ᠃ ᠭᠡᠪᠡᠴᠦ ᠲᠤᠯᠤᠢ ᠶᠢᠨ ᠤᠭᠰᠠᠭᠠᠲᠠᠨ ᠪᠤᠯ ᠲᠡᠭᠦᠨ ᠤ ᠦᠰᠲᠡᠨ ᠮᠦᠨ ᠭᠡᠰᠡᠨ ᠦᠵᠡᠯᠲᠡ ᠨᠢ ᠬᠠᠶᠢᠳᠤ ᠶᠢᠨ ᠳᠠᠷᠢᠬᠢᠨ ᠳᠤ ᠪᠠᠲᠤ ᠪᠠᠬᠢ ᠪᠦᠭᠡᠳ ᠦᠨᠢ ᠡᠭᠦᠷᠢᠲᠡ ᠬᠠᠳᠠᠭᠠᠯᠠᠭᠳᠠᠵᠠᠢ᠃        1259 ᠤᠨ ᠳᠤ ᠮᠦᠩᠬᠡ ᠬᠠᠭᠠᠨ ᠡᠮᠦᠨᠡᠲᠦ ᠰᠦᠩ ᠤᠯᠤᠰ ᠢ ᠪᠠᠶᠢᠯᠳᠤᠵᠤ ᠪᠠᠶᠢᠭᠠᠳ ᠵᠠᠪᠰᠢᠶᠠᠨ ᠪᠤᠰᠤ ᠪᠠᠷ ᠨᠠᠰᠤ ᠪᠠᠷᠠᠪᠠ᠃ 1260 ᠤᠨ ᠠᠴᠠ ᠡᠬᠢᠯᠡᠨ ᠬᠤᠪᠢᠯᠠᠢ᠂ ᠠᠷᠢᠭᠪᠦ᠋ᠬᠡ ᠬᠤᠶᠠᠷ ᠬᠤᠭᠤᠷᠤᠨᠳᠤ ᠪᠠᠨ ᠶᠡᠭᠡ ᠬᠠᠭᠠᠨ ᠤ ᠰᠠᠭᠤᠷᠢᠨ ᠢ ᠪᠤᠯᠢᠶᠠᠯᠳᠤᠵᠤ ᠳᠠᠶᠢᠳᠤᠪᠠ᠃ 1262 ᠤᠨ ᠳᠤ ᠢᠯ ᠬᠠᠨᠲᠤ ᠤᠯᠤᠰ ᠤᠨ ᠦᠯᠡᠬᠦ ᠠᠯᠲᠠᠨ ᠤᠷᠳᠤᠨᠲᠤ ᠬᠠᠨᠲᠤ ᠤᠯᠤᠰ ᠤᠨ ᠪᠡᠷᠬᠡ ᠲᠠᠢ ᠨᠤᠲᠤᠭ ᠳᠡᠪᠢᠰᠬᠡᠷ ᠪᠤᠯᠢᠶᠠᠯᠳᠤᠨ ᠶᠡᠭᠡ ᠲᠤᠯᠤᠯᠳᠤᠭᠠᠨ ᠪᠤᠯᠪᠠ᠃ ᠡᠨᠡ ᠮᠡᠲᠦ ᠲᠦᠷᠭᠡᠨ ᠬᠤᠪᠢᠷᠠᠯᠲᠠ ᠭᠠᠷᠤᠭᠰᠠᠨ ᠶᠠᠪᠤᠳᠠᠯ ᠨᠢ ᠬᠠᠶᠢᠳᠤ ᠪᠦᠰᠡᠯᠡᠯᠲᠡ ᠠᠴᠠ ᠪᠠᠨ ᠲᠠᠶᠢᠯᠤᠭᠳᠠᠭᠠᠳ᠂ ᠬᠦᠴᠦ ᠪᠠᠨ ᠬᠤᠷᠠᠮᠳᠤᠭᠤᠯᠵᠤ ᠲᠤᠯᠤᠢ ᠶᠢᠨ ᠤᠭᠰᠠᠭ᠎ᠠ ᠠᠴᠠ ᠦᠰᠢᠶ᠎ᠡ ᠪᠠᠨ ᠠᠪᠬᠤ ᠴᠠᠭ ᠲᠤᠬᠢᠶᠠᠯ ᠢ ᠤᠯᠭᠤᠭᠰᠠᠨ ᠪᠠᠶᠢᠵᠠᠢ᠃ ᠡᠨᠡ ᠨᠢ ᠬᠠᠶᠢᠳᠤ ᠲᠤᠯᠤᠢ ᠶᠢᠨ ᠤᠭᠰᠠᠭᠠᠲᠠᠨ ᠢ ᠡᠰᠡᠷᠭᠦᠴᠡᠭᠰᠡᠨ ᠰᠢᠯᠲᠠᠭᠠᠨ ᠤ ᠨᠢᠭᠡ ᠨᠢ ᠪᠤᠯᠤᠨ᠎ᠠ᠃ ᠡᠭᠦᠨ ᠠᠴᠠ ᠭᠠᠳᠠᠨ᠎ᠠ ᠲᠡᠷᠡ ᠦᠪᠡᠷ ᠤᠨ ᠪᠡᠶ᠎ᠡ ᠪᠠᠨ ᠦᠭᠡᠳᠡᠢ ᠬᠠᠭᠠᠨ ᠤ ᠤᠮᠪᠤᠯᠤ ᠪᠤᠯᠤᠭᠰᠠᠨ ᠤ ᠬᠤᠪᠢ ᠳᠤ ᠬᠠᠭᠠᠨ ᠤᠷᠤ ᠶᠢ ᠵᠠᠯᠭᠠᠮᠵᠢᠯᠠᠬᠤ ᠶᠤᠰᠤᠲᠠᠢ ᠭᠡᠵᠦ ᠦᠵᠡᠭᠰᠡᠨ ᠨᠢ ᠪᠠᠰᠠ ᠨᠢᠭᠡᠨ ᠰᠢᠯᠲᠠᠭᠠᠨ ᠪᠤᠯᠬᠤ ᠶᠤᠮ᠃        ᠬᠠᠶᠢᠲᠤ ᠠᠷᠢᠭᠪᠦ᠋ᠬᠡ ᠶᠢᠨ ᠤᠷᠪᠠᠯᠭᠠᠨ ᠢ ᠳᠠᠯᠳᠠᠭᠤᠷ ᠳᠡᠮᠵᠢᠬᠦ ᠶᠢᠨ ᠵᠡᠷᠭᠡᠴᠡᠭᠡ ᠪᠠᠷ ᠦᠪᠡᠷ ᠤᠨ ᠰᠦᠷ ᠬᠦᠴᠦ ᠪᠠᠨ ᠦᠷᠭᠡᠳᠬᠡᠬᠦ ᠪᠠᠷ ᠤᠷᠤᠯᠳᠤᠵᠠᠢ᠃ ᠲᠡᠷᠡ ᠤᠷᠢᠳ ᠢᠶᠠᠷ ᠴᠠᠭᠠᠳᠠᠢ ᠬᠠᠨᠲᠤ ᠤᠯᠤᠰ ᠤᠨ ᠮᠦᠪᠡᠷᠢᠭᠱᠡ ︵ᠬᠠᠷ᠎ᠠ ᠦᠯᠡᠬᠦ ᠶᠢᠨ ᠬᠦᠪᠡᠭᠦᠨ︶ ᠬᠠᠨ ᠲᠠᠢ ᠬᠤᠯᠪᠤᠭ᠎ᠠ ᠪᠠᠶᠢᠭᠤᠯᠵᠠᠢ᠃ ᠬᠤᠪᠢᠯᠠᠢ ᠬᠠᠭᠠᠨ ᠡᠨᠡ ᠴᠢᠮᠡᠭᠡ ᠶᠢ ᠰᠤᠨᠤᠰᠤᠭᠠᠳ ᠮᠦᠪᠡᠷᠢᠭᠱᠡ ᠶᠢ ᠪᠠᠶᠢᠯᠭᠠᠵᠤ ᠦᠪᠡᠷ ᠤᠨ ᠨᠠᠮᠲᠠᠨ ᠪᠤᠯᠬᠤ ᠪᠠᠯᠠᠬ᠎ᠠ ᠶᠢ ᠬᠠᠨ ᠢᠶᠠᠷ ᠡᠷᠭᠦᠮᠵᠢᠯᠡᠪᠡ᠃ ᠬᠤᠪᠢᠯᠠᠢ ᠶᠢᠨ ᠪᠠᠯᠠᠬ᠎ᠠ ᠲᠠᠢ ᠬᠤᠯᠪᠤᠭᠠᠯᠠᠨ ᠬᠤᠶᠠᠷ ᠲᠠᠯ᠎ᠠ ᠠᠴᠠ ᠨᠢ ᠬᠠᠪᠴᠢᠵᠤ ᠴᠤᠬᠢᠬᠤ ᠠᠷᠭ᠎ᠠ ᠪᠠᠰᠢᠷ ᠢ ᠬᠠᠶᠢᠳᠤ ᠨᠡᠪᠲᠡ ᠦᠵᠡᠵᠦ ᠭᠠᠷᠤᠭᠠᠳ᠂ ᠪᠡᠶ᠎ᠡ ᠪᠠᠷ ᠢᠶᠠᠨ ᠶᠡᠭᠡ ᠴᠡᠷᠢᠭ ᠳᠠᠶᠢᠴᠢᠯᠠᠨ ᠴᠠᠭᠠᠳᠠᠢ ᠬᠠᠨᠲᠤ ᠤᠯᠤᠰ ᠢ ᠳᠤᠪᠲᠤᠯᠪᠠ᠃ ᠪᠠᠯᠠᠬ᠎ᠠ ᠡᠰᠡᠷᠭᠦᠴᠡᠨ ᠪᠠᠶᠢᠯᠳᠤᠭᠰᠠᠨ ᠪᠤᠯᠪᠠᠴᠦ ᠬᠠᠶᠢᠳᠤ ᠳᠤ ᠳᠡᠶᠢᠯᠦᠭᠳᠡᠭᠡᠳ ᠠᠷᠭ᠎ᠠ ᠪᠤᠰᠤ ᠡᠪᠰᠡᠪᠡ᠃ ᠡᠨᠡ ᠨᠢ ᠴᠠᠭᠠᠳᠠᠢ ᠬᠠᠨᠲᠤ ᠤᠯᠤᠰ ᠤᠨ ᠨᠤᠲᠤᠭ ᠳᠡᠪᠢᠰᠬᠡᠷ ᠬᠠᠶᠢᠳᠤ ᠶᠢᠨ ᠮᠡᠳᠡᠯ ᠳᠤ ᠤᠷᠤᠭᠰᠠᠨ ᠢ ᠬᠠᠷᠠᠭᠤᠯᠪᠠ᠃ ᠪᠠᠯᠠᠬ᠎ᠠ ᠦᠬᠦᠭᠰᠡᠨ ᠬᠤᠶᠢᠨ᠎ᠠ 1272 ᠤᠨ ᠳᠤ ᠬᠠᠶᠢᠳᠤ ᠪᠠᠯᠠᠬ᠎ᠠ ᠶᠢᠨ ᠬᠦᠪᠡᠭᠦᠨ ᠲᠤᠸ᠎ᠠ ᠶᠢ ᠬᠠᠨ ᠡᠷᠭᠦᠮᠵᠢᠯᠡᠪᠡ᠃ ᠬᠠᠶᠢᠳᠤ ᠲᠤᠸ᠎ᠠ ᠲᠠᠢ ᠬᠤᠯᠪᠤᠭᠠᠯᠠᠨ ᠪᠠᠷᠠᠭᠤᠨ ᠬᠤᠶᠢᠲᠤ ᠤᠷᠤᠨ ᠢ ᠡᠵᠡᠷᠬᠡᠵᠦ᠂ ᠬᠤᠪᠢᠯᠠᠢ ᠶᠢᠨ ᠲᠦᠷᠦ ᠳᠤ ᠲᠤᠩ ᠶᠡᠭᠡ ᠰᠦᠷᠳᠡᠭᠦᠯᠦᠯ ᠪᠤᠯᠪᠠ᠃        1275 ᠤᠨ ᠳᠤ ᠬᠤᠪᠢᠯᠠᠢ ᠬᠠᠭᠠᠨ ᠬᠠᠶᠢᠳᠤ ᠶᠢᠨ ᠲᠤᠪᠲᠤᠯᠤᠯᠲᠠ ᠶᠢ ᠰᠡᠷᠭᠡᠶᠢᠯᠡᠬᠦ ᠶᠢᠨ ᠲᠦᠯᠦᠭᠡ ᠦᠪᠡᠷ ᠤᠨ ᠬᠦᠪᠡᠭᠦᠨ ᠪᠸᠢ ᠫᠢᠩ ᠸᠠᠩ ᠨᠤᠮᠤᠬᠠᠨ᠂ ᠮᠦᠩᠬᠡ ᠶᠢᠨ ᠬᠦᠪᠡᠭᠦᠨ ᠰᠢᠷᠭᠢ᠂ ᠲᠡᠮᠦᠭᠡ ᠤᠳᠴᠢᠭᠢᠨ ᠤ ᠬᠤᠶᠢᠴᠢᠰ ᠲᠤᠭᠲᠠᠮᠤ ᠳᠤ ᠴᠡᠷᠢᠭ ᠦᠭᠴᠦ ᠪᠠᠷᠠᠭᠤᠨ ᠬᠤᠶᠢᠲᠤ ᠤᠷᠤᠨ ᠢ ᠪᠠᠬᠢᠯᠡᠨ ᠰᠠᠬᠢᠭᠤᠯᠪᠠ᠃ 1277 ᠤᠨ ᠳᠤ ᠲᠤᠭᠲᠠᠮᠤ᠂ ᠰᠢᠷᠭᠢ ᠨᠠᠷ ᠤᠷᠪᠠᠯᠭᠠᠨ ᠭᠠᠷᠭᠠᠵᠤ᠂ ᠬᠠᠷ᠎ᠠ ᠬᠤᠷᠢᠨ ᠢ ᠪᠠᠶᠢᠯᠳᠤᠨ ᠡᠵᠡᠯᠡᠬᠦ ᠪᠠᠷ ᠳᠡᠪᠰᠢᠪᠡ᠃ ᠬᠠᠶᠢᠳᠤ ᠡᠨᠡ ᠵᠠᠪᠰᠢᠶᠠᠨ ᠢ ᠳᠠᠯᠢᠮᠳᠠᠭᠤᠯᠤᠨ᠂ ᠨᠤᠮᠤᠬᠠᠨ ᠤ ᠰᠠᠬᠢᠵᠤ ᠰᠠᠭᠤᠭ᠎ᠠ ᠠᠯᠢᠮᠠᠯᠢᠭ ︵ᠰᠢᠨᠵᠢᠶᠠᠩ ᠤᠨ ᠡᠾᠦ᠋ᠸᠧ ᠴᠧᠩ ᠬᠤᠲᠠ ᠶᠢᠨ ᠪᠠᠷᠠᠭᠤᠨ ᠬᠤᠶᠢᠲᠤ︶ ᠢ ᠡᠵᠡᠯᠡᠨ ᠠᠪᠤᠭᠰᠠᠨ ᠪᠠᠶᠢᠨ᠎ᠠ᠃ ᠬᠠᠶᠢᠳᠤ ᠢᠯᠠᠯᠲᠠ ᠶᠢᠨ ᠡᠷᠴᠢᠨ ᠳᠡᠭᠡᠷ᠎ᠡ ᠦᠪᠡᠷ ᠤᠨ ᠡᠷᠬᠡᠰᠢᠶᠡᠯ ᠤᠨ ᠬᠦᠷᠢᠶ᠎ᠡ ᠪᠠᠨ ᠲᠡᠭᠷᠢ ᠠᠭᠤᠯᠠ ᠶᠢᠨ ᠠᠷᠤ ᠦᠪᠦᠷ ᠬᠦᠷᠲᠡᠯ᠎ᠡ ᠦᠷᠭᠡᠳᠬᠡᠪᠡ᠃        1287 ᠤᠨ ᠳᠤ ᠬᠠᠶᠢᠳᠤ ᠵᠡᠭᠦᠨ ᠬᠤᠶᠢᠲᠤ ᠤᠷᠤᠨ ᠤ ᠨᠠᠶᠠᠨ ︵ᠤᠳᠴᠢᠭᠢᠨ ᠤ ᠦᠷᠡᠰ︶ ᠲᠠᠢ ᠬᠠᠷᠢᠯᠴᠠᠭ᠎ᠠ ᠬᠤᠯᠪᠤᠭ᠎ᠠ ᠠᠪᠤᠯᠴᠠᠵᠤ᠂ ᠬᠤᠪᠢᠯᠠᠢ ᠬᠠᠭᠠᠨ ᠢ ᠬᠤᠶᠠᠷ ᠲᠠᠯ᠎ᠠ ᠠᠴᠠ ᠨᠢ ᠬᠠᠪᠴᠢᠵᠤ ᠪᠠᠶᠢᠯᠳᠤᠬᠤ ᠪᠠᠷ ᠲᠤᠭᠲᠠᠵᠠᠢ᠃ ᠡᠨᠡ ᠬᠦ ᠲᠦᠯᠦᠪᠯᠡᠭᠡ ᠪᠠᠨ ᠪᠡᠶᠡᠯᠡᠭᠦᠯᠬᠦ ᠶᠢᠨ ᠲᠦᠯᠦᠭᠡ᠂ ᠠᠷᠪᠠᠨ ᠲᠦᠮᠡᠨ ᠴᠡᠷᠢᠭ ᠳᠠᠶᠢᠴᠢᠯᠠᠵᠤ ᠨᠠᠶᠠᠨ ᠲᠠᠢ ᠨᠡᠶᠢᠯᠡᠯᠳᠦᠬᠦ ᠪᠠᠷ ᠪᠡᠯᠡᠳᠬᠡᠪᠡ᠃ ᠭᠡᠲᠡᠯ᠎ᠡ ᠪᠤᠳᠠᠲᠤ ᠬᠡᠷᠡᠭ ᠪᠤᠳᠤᠭᠰᠠᠨ ᠤ ᠡᠰᠡᠷᠭᠦ ᠪᠤᠯᠵᠤ᠂ ᠨᠠᠶᠠᠨ ᠬᠤᠪᠢᠯᠠᠢ ᠳᠤ ᠪᠤᠲᠠ ᠴᠤᠬᠢᠭᠳᠠᠵᠤ᠂ ᠬᠠᠶᠢᠳᠤ ᠶᠢᠨ ᠲᠦᠯᠦᠪᠯᠡᠭᠡ ᠬᠡᠢ ᠬᠤᠭᠤᠰᠤᠨ ᠪᠤᠯᠵᠠᠢ᠃        1288 ᠤᠨ ᠳᠤ ᠬᠠᠶᠢᠳᠤ ᠠᠷᠢᠭᠪᠦ᠋ᠬᠡ ᠶᠢᠨ ᠠᠬᠠᠮᠠᠳ ᠬᠦᠪᠡᠭᠦᠨ ᠮᠢᠩᠯᠢᠳᠡᠮᠦᠷ ᠲᠠᠢ ᠬᠤᠯᠪᠤᠭᠠᠯᠠᠨ ᠬᠠᠷ᠎ᠠ ᠬᠤᠷᠢᠨ ᠢ ᠪᠠᠶᠢᠯᠳᠤᠬᠤ ᠪᠠᠷ ᠮᠤᠷᠳᠠᠪᠠ᠃ ᠲᠡᠷᠡ ᠦᠶ᠎ᠡ ᠳᠤ ᠬᠠᠷ᠎ᠠ ᠬᠤᠷᠢᠨ ᠢ ᠬᠤᠪᠢᠯᠠᠢ ᠶᠢᠨ ᠠᠯᠳᠠᠷᠲᠤ ᠦᠷᠯᠦᠭ ᠪᠠᠶᠠᠨ ᠰᠠᠬᠢᠵᠤ ᠪᠠᠶᠢᠪᠠ᠃ ᠡᠨᠡ ᠤᠳᠠᠭ᠎ᠠ ᠶᠢᠨ ᠳᠠᠶᠢᠯᠠᠯᠳᠤᠭᠠᠨ ᠳᠤ ᠮᠢᠩᠯᠢᠲᠡᠮᠦᠷ ᠠᠪᠤᠰᠢ ᠦᠭᠡᠢ ᠳᠡᠶᠢᠯᠦᠭᠳᠡᠭᠡᠳ᠂ ᠪᠠᠶᠠᠨ ᠳᠤ ᠪᠠᠭᠤᠵᠤ ᠦᠭᠪᠡ᠃ ᠪᠠᠶᠠᠨ ᠤ ︽ᠳᠠᠶᠢᠰᠤᠨ ᠢ ᠦᠳᠦᠭᠡᠨ ᠤᠷᠤᠭᠤᠯᠬᠤ︾ ᠠᠷᠭ᠎ᠠ  ᠳᠤᠨᠢ ᠬᠠᠶᠢᠳᠤ ᠠᠪᠲᠠᠭᠳᠠᠭᠠᠳ ᠴᠡᠷᠢᠭ ᠳᠠᠷᠤᠭᠳᠠᠵᠤ ᠤᠬᠤᠷᠢᠪᠠ᠃        ᠬᠠᠶᠢᠳᠤ ᠶᠢᠨ ᠤᠷᠪᠠᠯᠭᠠᠨ ᠳᠤ ᠬᠤᠪᠢᠯᠠᠢ ᠬᠠᠭᠠᠨ ᠭᠤᠴᠢ ᠭᠠᠷᠤᠢ ᠵᠢᠯ ᠬᠦᠴᠦ ᠴᠢᠳᠠᠯ ᠤᠶᠤᠨ ᠤᠬᠠᠭᠠᠨ ᠢᠶᠠᠨ ᠵᠠᠷᠤᠴᠠᠭᠤᠯᠤᠭᠰᠠᠨ ᠪᠤᠯᠪᠠᠴᠤ ᠲᠡᠭᠦᠨ ᠢ ᠲᠦᠪᠰᠢᠳᠬᠡᠵᠦ ᠴᠢᠳᠠᠭᠰᠠᠨ ᠦᠭᠡᠢ ᠪᠢᠯᠡ᠃ ᠡᠨᠡ ᠨᠢ ᠲᠡᠭᠦᠨ ᠳᠤ ᠠᠪᠴᠤ ᠬᠡᠯᠡᠪᠡᠯ ᠲᠤᠶᠢᠯ ᠤᠨ ᠬᠠᠷᠠᠮᠰᠠᠯᠲᠠᠢ ᠬᠡᠷᠡᠭ ᠪᠤᠯᠬᠤ ᠨᠢ ᠳᠠᠮᠵᠢᠭ ᠦᠭᠡᠢ ᠶᠤᠮ᠃ 1294 ᠤᠨ ᠳᠤ ᠬᠤᠪᠢᠯᠠᠢ ᠬᠠᠭᠠᠨ ᠨᠠᠰᠤ ᠪᠠᠷᠠᠪᠠ᠃ ᠬᠠᠶᠢᠳᠤ᠂ ᠬᠤᠪᠢᠯᠠᠢ ᠬᠢᠭᠡᠳ ᠪᠠᠶᠠᠨ ᠤ ᠦᠬᠦᠭᠰᠡᠨ ᠢ ᠰᠤᠨᠤᠰᠤᠭᠠᠳ ᠴᠠᠭᠠᠳᠠᠢ ᠬᠠᠨᠲᠤ ᠤᠯᠤᠰ ᠤᠨ ᠲᠤᠸ᠎ᠠ ᠲᠠᠢ ᠶᠡᠭᠡ ᠴᠡᠷᠢᠭ ᠳᠠᠶᠢᠴᠢᠯᠠᠨ ᠶᠤᠸᠠᠨ ᠤᠯᠤᠰ ᠢ ᠳᠠᠶᠢᠯᠠᠬᠤ ᠪᠠᠷ ᠮᠤᠷᠳᠠᠪᠠ᠃        ᠬᠠᠶᠢᠳᠤ ᠪᠤᠯᠤᠨ ᠲᠤᠸ᠎ᠠ ᠠᠯᠲᠠᠢ ᠠᠭᠤᠯᠠ ᠶᠢᠨ ᠤᠷᠴᠢᠨ ᠲᠤᠭᠤᠷᠢᠨ ᠳᠤ ᠶᠤᠸᠠᠨ ᠤᠯᠤᠰ ᠤᠨ ᠴᠡᠷᠢᠭ  ᠲᠠᠢ ᠤᠯᠠᠨ ᠤᠳᠠᠭ᠎ᠠ ᠰᠢᠷᠦᠭᠦᠨ ᠪᠠᠶᠢᠯᠳᠤᠵᠤ᠂ ᠬᠤᠶᠠᠷ ᠡᠲᠡᠭᠡᠳ ᠢᠶᠠᠷ ᠢᠶᠠᠨ ᠬᠡᠨ ᠬᠡᠨ ᠢᠶᠠᠨ ᠢᠯᠠᠵᠤ ᠴᠢᠳᠠᠬᠤ ᠦᠭᠡᠢ ᠪᠠᠶᠢᠵᠠᠢ᠃ ᠶᠤᠸᠠᠨ ᠤᠯᠤᠰ ᠤᠨ ᠴᠧᠩᠽᠦ᠋ᠩ ᠬᠠᠭᠠᠨ ᠴᠡᠷᠢᠭ ᠨᠡᠮᠡᠨ ᠵᠠᠩᠵᠤᠨ ᠲᠤᠮᠢᠯᠠᠵᠤ ᠪᠠᠶᠢᠯᠳᠤᠬᠤ ᠬᠦᠴᠦᠨ ᠢᠶᠠᠨ ᠨᠡᠩ ᠬᠦᠴᠦᠷᠬᠡᠭᠵᠢᠭᠦᠯᠦᠭᠰᠡᠨ ᠪᠠᠶᠢᠨ᠎ᠠ᠃ ᠬᠠᠶᠢᠳᠤ ᠶᠢᠨ ᠴᠡᠷᠢᠭ ᠤᠨ ᠬᠦᠴᠦᠨ ᠮᠡᠬᠦᠰᠲᠡᠭᠡᠳ 1301 ᠤᠨ ᠳᠤ ᠲᠡᠮᠦᠷ ᠬᠠᠭᠠᠨ ᠤ ᠠᠴᠢ ᠬᠦᠪᠡᠭᠦᠨ ᠬᠠᠶᠢᠰᠠᠩ ᠤᠨ ᠶᠡᠭᠡ ᠴᠡᠷᠢᠭ ᠲᠤ ᠢᠯᠠᠭᠳᠠᠵᠤ᠂ ᠬᠠᠶᠢᠳᠤ ᠲᠡᠮᠦᠷ ᠤᠳᠠᠭᠰᠠᠨ ᠦᠭᠡᠢ ᠡᠪᠡᠳᠴᠢᠨ ᠢᠶᠠᠷ ᠨᠠᠰᠤ ᠪᠠᠷᠠᠪᠠ᠃        1303 ᠤᠨ ᠳᠤ ᠬᠠᠶᠢᠳᠤ ᠶᠢᠨ ᠬᠦᠪᠡᠭᠦᠨ ᠴᠡᠪᠡᠷ ᠬᠢᠭᠡᠳ ᠴᠠᠭᠠᠳᠠᠢ ᠬᠠᠨᠲᠤ ᠤᠯᠤᠰ ᠤᠨ ᠲᠤᠸ᠎ᠠ ᠬᠠᠨ ᠡᠯᠴᠢ ᠶᠠᠪᠤᠭᠤᠯᠵᠤ ᠡᠪᠰᠡᠨ ᠨᠠᠶᠢᠷᠠᠮᠳᠠᠬᠤ ᠶᠢ ᠭᠤᠶᠤᠭᠰᠠᠨ ᠢᠶᠠᠷ ᠳᠠᠶᠢᠨ ᠵᠤᠭᠰᠤᠵᠠᠢ᠃
 
ᠢᠷᠡᠯᠲᠡ᠄ ︽ᠴᠢᠩᠭᠢᠰ ᠬᠠᠭᠠᠨ ᠠᠴᠠ ᠬᠤᠪᠢᠯᠠᠢ ᠬᠠᠭᠠᠨ ᠬᠦᠷᠲᠡᠯᠡᠬᠢ ᠵᠠᠭᠤᠨ ᠬᠦᠮᠦᠨ ᠤ ᠲᠤᠪᠴᠢ ᠨᠠᠮᠲᠠᠷ︾ ᠨᠤᠮ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号