| ᠬᠡᠰᠢᠭᠲᠡᠨ ᠭᠡᠳᠡᠭ ᠦᠭᠡ ᠶᠢᠨ ᠢᠵᠠᠭᠤᠷ ᠬᠡᠰᠢᠭ᠂ ᠢᠪᠡᠭᠡᠯ ᠪᠤᠶᠠᠨ ᠭᠡᠮᠡᠬᠦ ᠤᠳᠬ᠎ᠠ ᠲᠠᠢ ᠦᠭᠡ᠃ ︽ | ᠮᠤᠩᠭᠤᠯ ᠤᠨ ᠨᠢᠭᠤᠴᠠ ᠲᠤᠪᠴᠢᠶᠠᠨ︾ ᠳᠤ ᠡᠭᠡᠯᠵᠢ ᠬᠡᠰᠢᠭ ᠭᠡᠮᠡᠬᠦ ᠤᠳᠬ᠎ᠠ ᠪᠠᠷ ᠬᠡᠷᠡᠭᠯᠡᠵᠡᠢ᠃ ᠬᠡᠰᠢᠭᠲᠡᠨ ᠪᠤᠯ | ᠬᠡᠰᠢᠭ ᠬᠦᠷᠲᠡᠭᠴᠢ ᠪᠤᠶᠤ᠃ ᠬᠠᠭᠠᠨ ᠤᠷᠳᠤᠨ ᠤ ᠰᠢᠲᠠᠷ ᠴᠡᠷᠢᠭ ᠤᠨ ᠵᠤᠬᠢᠶᠠᠨ ᠪᠠᠶᠢᠭᠤᠯᠤᠯᠲᠠ ᠬᠡᠪᠲᠡᠭᠦᠯ ᠠᠴᠠ | ᠤᠯᠠᠷᠢᠵᠤ ᠬᠡᠰᠢᠭᠲᠡᠨ ᠪᠤᠯᠤᠭᠰᠠᠨ ᠶᠤᠮ᠃ ᠤᠨ ᠵᠢᠯ ᠤᠨ ᠤᠯᠠᠷᠢᠯᠲᠠ ᠬᠤᠪᠢᠰᠤᠯᠲᠠ ᠪᠠᠷ ᠬᠡᠰᠢᠭᠲᠡᠨ ᠨᠢ ᠬᠡᠰᠢᠭ ᠤᠨ | ᠠᠯᠪᠠ ᠡᠭᠦᠷᠭᠡ ᠭᠦᠢᠴᠡᠳᠬᠡᠬᠦ ᠲᠤᠰᠢᠶᠠᠯ ᠠᠴᠠ ᠪᠠᠨ ᠬᠠᠮᠤᠭ ᠮᠤᠩᠭᠤᠯ ᠤᠨ ᠤᠪᠤᠭ ᠠᠶᠢᠮᠠᠭ ᠤᠨ ᠨᠢᠭᠡ ᠪᠤᠯᠪᠠ᠃ | 1204 ᠤᠨ ᠳᠤ ᠴᠢᠩᠭᠢᠰ ᠬᠠᠭᠠᠨ ᠤ ᠤᠷᠳᠤᠨ ᠢ ᠬᠠᠮᠠᠭᠠᠯᠠᠬᠤ ᠰᠦᠨᠢ ᠶᠢᠨ ᠮᠠᠨᠠᠭ᠎ᠠ ᠨᠠᠶᠠᠨ ᠬᠡᠪᠲᠡᠭᠦᠯ | ︵ᠬᠡᠰᠢᠭᠲᠡᠨ︶᠂ ᠡᠳᠦᠷ ᠤᠨ ᠬᠠᠷᠠᠭᠤᠯ ᠳᠠᠯᠠᠨ ᠲᠤᠷᠬᠠᠭ ︵ᠲᠤᠷᠭᠤᠳ︶ ᠤᠳ ᠢᠶᠠᠷ ᠪᠦᠷᠢᠯᠳᠦᠭᠰᠡᠨ ᠬᠡᠰᠢᠭᠲᠡᠨ | ᠴᠡᠷᠢᠭ ᠢ ᠪᠠᠶᠢᠭᠤᠯᠤᠭᠰᠠᠨ ᠶᠤᠮ᠃ ᠬᠡᠰᠢᠭᠲᠡᠨ ᠴᠡᠷᠢᠭ ᠨᠢ ᠡᠩ ᠤᠨ ᠴᠠᠭ ᠲᠤ ᠬᠠᠭᠠᠨ ᠤ ᠰᠢᠲᠠᠷ ᠬᠠᠮᠠᠭᠠᠯᠠᠭᠴᠢ | ᠪᠠᠶᠢᠵᠤ ᠳᠠᠶᠢᠨ ᠪᠠᠶᠢᠯᠳᠤᠭᠠᠨ ᠤ ᠦᠶᠡᠰ ᠲᠤ ᠬᠠᠭᠠᠨ ᠤ ᠰᠢᠭᠤᠳ ᠵᠠᠬᠢᠷᠤᠯ ᠢᠶᠠᠷ ᠬᠦᠨᠳᠦ ᠴᠢᠬᠤᠯᠠ ᠡᠭᠦᠷᠭᠡ | ᠭᠦᠢᠴᠡᠳᠬᠡᠵᠦ ᠪᠠᠶᠢᠵᠠᠢ᠃ | 14-16 ᠳ᠋ᠤᠭᠠᠷ ᠵᠠᠭᠤᠨ ᠤ ᠬᠤᠭᠤᠷᠤᠨᠳᠤ ᠬᠡᠰᠢᠭᠲᠡᠨ ᠴᠡᠷᠢᠭ ᠤᠨ ᠨᠡᠷ᠎ᠡ ᠨᠢ ᠠᠶᠢᠮᠠᠭ ᠨᠤᠲᠤᠭ ᠤᠨ | ᠨᠡᠷᠡᠶᠢᠳᠦᠯ ᠪᠤᠯᠤᠨ ᠤᠯᠠᠷᠢᠵᠤ ᠤᠤᠯ ᠤᠨ ᠬᠠᠭᠠᠨ ᠤᠷᠳᠤᠨ ᠤ ᠬᠡᠰᠢᠭᠲᠡᠨ ᠴᠡᠷᠢᠭ ᠪᠠ ᠲᠡᠳᠡᠨ ᠤ ᠦᠷ᠎ᠡ ᠬᠤᠶᠢᠴᠢᠰ | ᠨᠢ ᠬᠡᠰᠢᠭᠲᠡᠨ ᠠᠶᠢᠮᠠᠭ ᠪᠤᠯᠤᠨ ᠪᠤᠵᠠᠭᠠᠶᠢᠷᠠᠪᠠ᠃ | ᠬᠡᠰᠢᠭᠲᠡᠨ ᠪᠤᠯ ᠴᠠᠬᠠᠷ ᠪᠠᠷᠠᠭᠤᠨ ᠭᠠᠷ ᠤᠨ ᠬᠦᠪᠡᠭᠡᠲᠦ ᠤᠯᠠᠭᠠᠨ ᠬᠤᠰᠢᠭᠤᠨ ᠤ ᠬᠤᠶᠠᠷ ᠰᠤᠮᠤ᠂ ᠴᠠᠬᠠᠷ | ᠵᠡᠭᠦᠨ ᠭᠠᠷ ᠤᠨ ᠳᠤᠯᠤᠳ ᠨᠠᠭᠤᠷ ᠯᠠᠮᠠ ᠶᠢᠨ ᠭᠡᠭᠡᠨ ᠱᠠᠪᠢᠨᠠᠷ᠂ ᠮᠢᠩᠭᠠᠨ ᠮᠠᠯᠵᠢᠯ ᠤᠨ ᠲᠠᠯᠠᠪᠠᠢ ᠶᠢᠨ ᠡᠷᠢᠶᠡᠨ | ᠦᠷᠲᠡᠭᠡ᠂ ᠬᠡᠰᠢᠭᠲᠡᠨ᠂ ᠹᠦᠰᠢᠨ ᠤ ᠮᠤᠩᠭᠤᠯᠵᠢᠨ ᠬᠤᠰᠢᠭᠤ᠂ ᠨᠠᠢᠮᠠᠨ ᠬᠤᠰᠢᠭᠤᠨ ᠤ ᠤᠷᠳᠤ ᠵᠤ᠂ ᠮᠤᠩᠭᠤᠯ | ᠤᠯᠤᠰ ᠤᠨ ᠤᠪᠰᠤ ᠠᠶᠢᠮᠠᠭ ᠤᠨ ᠡᠮᠦᠨᠡᠭᠤᠪᠢ᠂ ᠲᠠᠪᠤᠰᠤᠲᠤ᠂ ᠲᠦᠷᠭᠡᠨ ᠰᠤᠮᠤᠨ ᠢᠶᠠᠷ ᠬᠡᠰᠢᠭᠲᠡᠨ᠂ ᠬᠡᠰᠢᠭᠳ᠋ — | ᠬᠡᠰᠢᠭᠲᠡᠨ ᠤᠪᠤᠭᠲᠠᠨ ᠦᠷᠭᠡᠨ ᠲᠠᠷᠬᠠᠵᠤ ᠪᠤᠢ᠃ |