ᠤᠳᠴᠢᠬᠢᠨ
ᠨᠡᠶᠢᠲᠡᠯᠡᠭᠰᠡᠨ ᠴᠠᠭ᠄
2018-06-07
       ᠤᠳᠴᠢᠬᠢᠨ᠂ ᠪᠠᠰᠠ ᠲᠡᠮᠦᠭᠡ ᠤᠳᠴᠢᠭᠢᠨ ᠭᠡᠳᠡᠭ᠃ ᠴᠢᠩᠭᠢᠰ ᠬᠠᠭᠠᠨ ᠤ ᠤᠳᠬᠤᠨ ᠲᠡᠭᠦᠦ ᠪᠤᠯᠤᠨ᠎ᠠ᠃ 1168 ᠤᠨ ᠳᠤ ᠲᠦᠷᠦᠵᠦ᠂ ᠲᠡᠮᠦᠵᠢᠨ ᠠᠴᠠ ᠵᠢᠷᠭᠤᠭ᠎ᠠ ᠲᠡᠭᠦᠦ ᠪᠢᠯᠡ᠃        ᠶᠢᠰᠦᠭᠡᠢ ᠪᠠᠭᠠᠲᠤᠷ ᠪᠠ ᠦᠭᠡᠯᠦᠨ ᠬᠠᠲᠤᠨ ᠠᠴᠠ ᠳᠦᠷᠪᠡᠨ ᠬᠦᠪᠡᠭᠦᠨ᠂ ᠨᠢᠭᠡᠨ ᠦᠬᠢᠨ ᠲᠠᠢ ᠠᠵᠢ᠃ ᠠᠬᠠᠮᠠᠳ ᠬᠦᠪᠡᠭᠦᠨ ᠨᠢ ᠲᠡᠮᠦᠵᠢᠨ᠂ ᠬᠤᠶᠠᠳᠤᠭᠠᠷ ᠬᠦᠪᠡᠭᠦᠨ ᠨᠢ ᠬᠠᠰᠠᠷ᠂ ᠭᠤᠷᠪᠠᠳᠤᠭᠠᠷ ᠬᠦᠪᠡᠭᠦᠨ ᠨᠢ ᠬᠠᠴᠢᠭᠤᠨ᠂ ᠤᠳᠬᠤᠨ ᠬᠦᠪᠡᠭᠦᠨ ᠨᠢ ᠲᠡᠮᠦᠭᠡ ᠤᠳᠴᠢᠬᠢᠨ᠂ ᠦᠬᠢᠨ ᠨᠢ ᠲᠡᠮᠦᠯᠦᠨ ︵ᠪᠠᠰᠠ ᠲᠡᠮᠦᠯᠦᠨ ᠭᠤᠸ᠎ᠠ ᠭᠡᠳᠡᠭ︶᠂ ᠬᠠᠴᠢᠭᠤᠨ 1168 ᠤᠨ ᠳᠤ ᠲᠦᠷᠦᠵᠦ᠂ ᠴᠢᠩᠭᠢᠰ ᠬᠠᠭᠠᠨ ᠠᠴᠠ ᠳᠦᠷᠪᠡ ᠲᠡᠭᠦᠦ ᠪᠢᠯᠡ᠃ 1206 ᠤᠨ ᠳᠤ ᠴᠢᠩᠭᠢᠰ ᠬᠠᠭᠠᠨ ᠶᠡᠭᠡ ᠮᠤᠩᠭᠤᠯ ᠤᠯᠤᠰ ᠢ ᠪᠠᠶᠢᠭᠤᠯᠤᠭᠰᠠᠨ ᠤ ᠳᠠᠷᠠᠭ᠎ᠠ᠂ ᠠᠯᠲᠠᠨ ᠤᠷᠤᠭ  ᠤᠨ ᠬᠢᠨ ᠳᠤ ᠪᠠᠨ ᠠᠩᠬ᠎ᠠ ᠤᠳᠠᠭ᠎ᠠ ᠬᠤᠪᠢ ᠬᠤᠪᠢᠯᠠᠬᠤ ᠳᠠᠭᠠᠨ ᠠᠯᠴᠢᠳᠠᠢ ︵ᠬᠠᠴᠢᠭᠤᠨ ᠤ ᠬᠦᠪᠡᠭᠦᠨ︶ ᠳᠤ ᠬᠤᠶᠠᠷ ᠮᠢᠩᠭᠠᠨ ᠢᠷᠭᠡᠨ ᠦᠭᠴᠡᠢ᠃ ᠡᠭᠦᠨ ᠠᠴᠠ ᠦᠵᠡᠬᠦ ᠳᠤ ᠬᠠᠴᠢᠭᠤᠨ ᠨᠢᠭᠡᠨᠲᠡ ᠨᠠᠰᠤ ᠪᠠᠷᠠᠭᠠᠳ ᠪᠠᠶᠢᠵᠠᠢ᠃ 1210 ᠤᠨ ᠳᠤ᠂ ᠴᠢᠩᠭᠢᠰ ᠬᠠᠭᠠᠨ ᠲᠡᠭᠦᠦ ᠤᠳᠴᠢᠬᠢᠨ ᠪᠠ ᠠᠯᠴᠢᠳᠠᠢ ᠳᠤ ᠬᠢᠩᠭᠠᠨ ᠨᠢᠷᠤᠭᠤ ᠤᠷᠴᠢᠮ ᠤᠨ ᠤᠷᠤᠨ ᠢ ᠲᠤᠰ ᠲᠤᠰ ᠡᠵᠡᠮᠰᠢᠯ ᠨᠤᠲᠤᠭ ᠪᠤᠯᠭᠠᠨ ᠬᠤᠪᠢᠶᠠᠵᠤ ᠦᠭᠪᠡ᠃ ᠴᠢᠩᠭᠢᠰ ᠬᠠᠭᠠᠨ ᠤ ᠦᠬᠢᠨ ᠲᠡᠭᠦᠦ ᠲᠡᠮᠦᠯᠦᠨ ᠭᠤᠸ᠎ᠠ ᠭᠦᠩᠵᠦ ᠬᠤᠩᠭᠢᠷᠠᠳ ᠤᠨ ᠰᠠᠯᠪᠤᠷᠢ ᠢᠬᠡᠷᠡᠰ ᠤᠪᠤᠭᠲᠠᠨ ᠤ ᠪᠤᠳᠤ ᠲᠠᠢ ᠤᠷᠤᠭ ᠬᠤᠯᠪᠤᠵᠠᠢ᠃        ᠬᠠᠴᠢᠭᠤᠨ ᠪᠠ ᠲᠡᠮᠦᠯᠦᠨ ᠭᠤᠸ᠎ᠠ ᠶᠢᠨ ᠲᠤᠬᠠᠢ ᠲᠤᠳᠤᠷᠬᠠᠢ ᠲᠡᠮᠳᠡᠭᠯᠡᠯ ᠤᠯᠳᠠᠬᠤ ᠦᠭᠡᠢ ᠲᠤᠯᠠ ᠠᠳᠡ ᠳᠦᠭᠦᠮᠬᠡᠨ ᠳᠤᠷᠠᠳᠴᠤ ᠤᠷᠬᠢᠶ᠎ᠠ᠃ ᠳᠤᠤᠷ᠎ᠠ ᠭᠤᠤᠯᠳᠠᠭᠤ ᠤᠳᠴᠢᠬᠢᠨ ᠤ ᠦᠢᠯᠡ ᠠᠵᠢᠯᠯᠠᠭ᠎ᠠ ᠶᠢ ᠪᠢᠴᠢᠰᠦᠭᠡᠢ᠃        1219 ᠤᠨ ᠳᠤ ᠴᠢᠩᠭᠢᠰ ᠬᠠᠭᠠᠨ ᠬᠤᠷᠢᠨ ᠲᠦᠮᠡᠨ ᠴᠡᠷᠢᠭ ᠳᠠᠶᠢᠴᠢᠯᠠᠨ ᠲᠦᠪ ᠠᠽᠢᠶ᠎ᠠ ᠶᠢᠨ ᠬᠦᠴᠦᠷᠬᠡᠭ ᠤᠯᠤᠰ ᠰᠠᠷᠲᠠᠭᠤᠯ ᠢ ᠲᠦᠪᠰᠢᠳᠬᠡᠬᠦ ᠪᠠᠷ ᠮᠤᠷᠳᠠᠬᠤ ᠳᠠᠭᠠᠨ ᠠᠷᠤ ᠲᠠᠯ᠎ᠠ ᠶᠢᠨ ᠢᠶᠠᠨ ᠠᠮᠤᠷ ᠲᠠᠶᠢᠪᠤᠩ  ᠢ ᠪᠤᠳᠤᠯᠬᠢᠯᠠᠵᠤ᠂ ᠦᠪᠡᠷ ᠤᠨ ᠤᠳᠬᠤᠨ ᠲᠡᠭᠦᠦ ᠤᠳᠴᠢᠬᠢᠨ ᠢᠶᠠᠷ ᠲᠦᠷᠦ ᠶᠢᠨ ᠡᠷᠬᠡ ᠶᠢ ᠵᠠᠬᠢᠷᠤᠭᠤᠯᠵᠤ ᠮᠤᠩᠭᠤᠯ ᠤᠨ ᠡᠬᠡ ᠤᠷᠤᠨ ᠢ ᠬᠠᠷᠢᠭᠤᠴᠠᠭᠤᠯᠵᠠᠢ᠃ ᠴᠢᠩᠭᠢᠰ ᠬᠠᠭᠠᠨ ᠤ ᠤᠷᠲᠤ ᠵᠠᠮ ᠤᠨ ᠠᠶᠠᠨ ᠳᠠᠶᠢᠨ ᠨᠢ ᠳᠤᠯᠤᠭᠠᠨ ᠵᠢᠯ ᠶᠠᠪᠤᠭᠳᠠᠭᠠᠳ ᠰᠠᠷᠲᠠᠭᠤᠯ ᠢ ᠮᠦᠬᠦᠭᠡᠨ᠂ 1225 ᠤᠨ ᠳᠤ ᠮᠤᠩᠭᠤᠯ ᠤᠷᠤᠨ ᠳᠠᠭᠠᠨ ᠪᠤᠴᠠᠵᠤ ᠢᠷᠡᠪᠡ᠃ ᠡᠨᠡ ᠳᠤᠯᠤᠭᠠᠨ ᠵᠢᠯ ᠤᠨ ᠤᠷᠲᠤ ᠬᠤᠭᠤᠴᠠᠭᠠᠨ᠎ᠠ ᠤᠳᠴᠢᠬᠢᠨ ᠨᠤᠶᠠᠨ ᠤᠯᠤᠰ ᠭᠦᠷᠦᠨ ᠤ ᠠᠷᠤ ᠲᠠᠯ᠎ᠠ  ᠶᠢᠨ ᠠᠮᠤᠷ ᠲᠦᠪᠰᠢᠨ ᠢ ᠪᠠᠲᠤᠳᠬᠠᠨ ᠬᠠᠮᠠᠭᠠᠯᠠᠵᠤ᠂ ᠠᠬ᠎ᠠ ᠬᠠᠭᠠᠨ ᠤ ᠪᠠᠨ ᠬᠦᠨᠳᠦ ᠨᠠᠶᠢᠳᠠᠯᠭ᠎ᠠ ᠶᠢ ᠬᠦᠰᠡᠷᠳᠡᠭᠦᠯᠦᠭᠰᠡᠨ ᠦᠭᠡᠢ ᠪᠢᠯᠡ᠃ ᠭᠡᠲᠡᠯ᠎ᠡ ᠤᠳᠴᠢᠬᠢᠨ ᠨᠤᠶᠠᠨ ᠦᠲᠡᠯᠦᠭᠡ ᠨᠠᠰᠤᠨ ᠳᠠᠭᠠᠨ ᠠᠯᠳᠠᠭ᠎ᠠ ᠭᠠᠷᠭᠠᠵᠤ ᠬᠦᠶᠦᠭ ᠬᠠᠭᠠᠨ ᠳᠤ ᠰᠢᠢᠳᠬᠡᠭᠳᠡᠵᠡᠢ᠃        1241 ᠤᠨ ᠳᠤ ᠦᠭᠡᠳᠡᠢ ᠬᠠᠭᠠᠨ ᠨᠠᠰᠤ ᠨᠦᠭᠴᠢᠭᠰᠡᠨ ᠤ ᠳᠠᠷᠠᠭ᠎ᠠ᠂ ᠲᠡᠭᠦᠨ ᠤ ᠬᠠᠲᠤᠨ ᠲᠦᠷᠡᠭᠡᠨ᠎ᠡ ᠬᠡᠳᠦᠨ ᠵᠢᠯ ᠲᠦᠷᠦ ᠪᠠᠷᠢᠪᠠ᠃ ᠦᠭᠡᠳᠡᠢ ᠬᠠᠭᠠᠨ ᠠᠮᠢᠳᠤ ᠰᠡᠷᠡᠭᠦᠨ ᠪᠠᠶᠢᠬᠤ ᠳᠤ ᠲᠦᠷᠡᠭᠡᠨ᠎ᠡ ᠬᠠᠲᠤᠨ ᠤᠷᠳᠤᠨ ᠤ ᠲᠤᠲᠤᠷᠠᠬᠢ ᠬᠡᠳᠦᠨ ᠰᠠᠶᠢᠳ ᠲᠦᠰᠢᠮᠡᠳ ᠲᠠᠢ ᠦᠰᠢᠶ᠎ᠡ ᠵᠠᠩᠭᠢᠳᠤᠭᠰᠠᠨ ᠪᠠᠶᠢᠵᠠᠢ᠃ ᠲᠡᠷᠡ ᠲᠦᠷᠦ ᠶᠢᠨ ᠡᠷᠬᠡ ᠶᠢ ᠠᠳᠬᠤᠮᠠᠭᠴᠠ ᠦᠰᠢᠶ᠎ᠡ ᠠᠪᠬᠤ ᠪᠠᠷ ᠤᠷᠤᠯᠳᠤᠭᠰᠠᠨ ᠪᠠᠶᠢᠨ᠎ᠠ᠃ ᠲᠡᠳᠡᠭᠡᠷ ᠰᠠᠶᠢᠳ ᠲᠦᠰᠢᠮᠡᠳ ᠡᠭᠦᠨ ᠢ ᠤᠷᠢᠳᠴᠢᠯᠡᠨ ᠰᠡᠷᠡᠵᠦ ᠮᠡᠳᠡᠭᠡᠳ ᠳᠤᠤᠷᠠᠬᠢ ᠬᠦᠮᠦᠰ ᠢᠶᠠᠨ ᠳᠠᠭᠠᠭᠤᠯᠤᠨ ᠲᠤᠲᠠᠭᠠᠵᠤ ᠶᠠᠪᠤᠭᠰᠠᠨ ᠪᠠᠶᠢᠨ᠎ᠠ᠃ ᠢᠯᠠᠩᠭᠤᠶ᠎ᠠ ᠲᠦᠷᠡᠭᠡᠨ᠎ᠡ ᠬᠠᠲᠤᠨ ᠵᠠᠯᠢ ᠮᠡᠭᠡ ᠶᠡᠬᠡᠲᠡᠢ ᠪᠠᠲ᠋ᠢᠮ᠎ᠠ ᠭᠡᠳᠡᠭ ᠬᠦᠮᠦᠨ ᠢ ᠬᠦᠨᠳᠦᠳᠬᠡᠨ ᠬᠡᠷᠡᠭᠯᠡᠵᠡᠢ᠃ ᠡᠨᠡ ᠬᠤᠶᠢᠬᠤᠷ ᠡᠮᠡᠭᠲᠡᠢ ᠦᠭᠡᠳᠡᠢ ᠬᠠᠭᠠᠨ ᠤ ᠬᠤᠶᠠᠳᠤᠭᠠᠷ ᠬᠦᠪᠡᠭᠦᠨ ᠬᠦᠳᠡᠨ ᠪᠠ ᠤᠯᠠᠨ ᠠᠷᠪᠢᠨ ᠶᠡᠬᠡᠰ ᠨᠤᠶᠠᠳ  ᠢ ᠬᠤᠤᠷᠯᠠᠵᠤ ᠠᠯᠠᠭᠠᠳ ᠲᠦᠷᠦ ᠶᠢ ᠰᠠᠮᠠᠭᠤᠷᠠᠭᠤᠯᠪᠠ᠃ ᠡᠨᠡ ᠬᠦ ᠵᠠᠪᠰᠢᠶᠠᠨ ᠢ ᠳᠠᠯᠢᠮᠳᠠᠭᠤᠯᠤᠨ ᠤᠳᠴᠢᠬᠢᠨ ᠨᠤᠶᠠᠨ ᠬᠠᠭᠠᠨ ᠰᠠᠭᠤᠷᠢᠨ ᠢ ᠪᠤᠯᠢᠶᠠᠬᠤ ᠪᠠᠷ ᠴᠡᠷᠢᠭ ᠳᠠᠶᠢᠴᠢᠯᠠᠵᠤ ᠶᠡᠭᠡ ᠮᠤᠩᠭᠤᠯ ᠤᠯᠤᠰ ᠤᠨ ᠨᠡᠶᠢᠰᠯᠡᠯ ᠬᠠᠷ᠎ᠠ ᠬᠤᠷᠢᠨ ᠵᠦᠭ ᠢᠷᠡᠭᠰᠡᠨ ᠪᠠᠶᠢᠨ᠎ᠠ᠃ ᠲᠦᠷᠦ ᠶᠢ ᠵᠠᠬᠢᠷᠴᠤ ᠪᠠᠶᠢᠭᠰᠠᠨ ᠲᠦᠷᠡᠭᠡᠨ᠎ᠡ ᠬᠠᠲᠤᠨ ᠰᠤᠴᠢᠨ ᠰᠠᠨᠳᠤᠷᠴᠤ ᠡᠯᠴᠢ ᠲᠤᠮᠢᠯᠠᠨ ᠤᠳᠴᠢᠬᠢᠨ ᠨᠤᠶᠠᠨ ᠤ ᠴᠡᠷᠢᠭᠯᠡᠭᠰᠡᠨ ᠤᠴᠢᠷ ᠢ ᠠᠰᠠᠭᠤᠯᠭᠠᠵᠠᠢ᠃ ᠡᠨᠡ ᠬᠦ ᠪᠠᠴᠢᠮ ᠦᠶ᠎ᠡ ᠳᠤ᠂ ᠠᠬᠠᠮᠠᠳ ᠬᠦᠪᠡᠭᠦᠳ ᠤᠨ ᠪᠠᠷᠠᠭᠤᠨᠰᠢ ᠳᠠᠶᠢᠯᠠᠭᠰᠠᠨ ᠠᠶᠠᠨ ᠳᠠᠶᠢᠨ ᠳᠤ ᠮᠤᠷᠳᠠᠭᠰᠠᠨ ᠬᠦᠶᠦᠭ ᠴᠡᠷᠢᠭ ᠢᠶᠠᠨ ᠳᠠᠭᠠᠭᠤᠯᠤᠭᠠᠳ ᠡᠮᠢᠯ ᠳᠤ ᠬᠦᠷᠴᠦ ᠢᠷᠡᠪᠡ᠃ ᠡᠨᠡ ᠮᠡᠳᠡᠭᠡ ᠶᠢ ᠤᠯᠤᠭᠰᠠᠨ ᠤᠳᠴᠢᠬᠢᠨ ᠨᠤᠶᠠᠨ ᠬᠠᠭᠠᠨ ᠰᠠᠭᠤᠷᠢᠨ ᠢ ᠪᠤᠯᠢᠶᠠᠬᠤ ᠭᠤᠷᠢᠳᠠᠯᠭ᠎ᠠ ᠨᠢ ᠪᠡᠶᠡᠯᠡᠭᠳᠡᠵᠦ ᠴᠢᠳᠠᠬᠤ ᠦᠭᠡᠢ ᠪᠠᠨ ᠮᠡᠳᠡᠵᠦ ᠠᠷᠭ᠎ᠠ ᠪᠤᠰᠤ ᠦᠭᠡᠳᠡᠢ ᠬᠠᠭᠠᠨ ᠤ ᠪᠡᠯᠪᠡᠰᠦᠷᠡᠯ ᠳᠤ ᠤᠷᠤᠯᠴᠠᠬᠤ ᠪᠠᠷ ᠢᠷᠡᠭᠰᠡᠨ ᠪᠠᠷ ᠰᠢᠯᠲᠠᠭᠯᠠᠨ ᠴᠡᠷᠢᠭ ᠢᠶᠠᠨ ᠬᠤᠷᠢᠶᠠᠨ ᠪᠤᠴᠠᠵᠠᠢ᠃        1245 ᠤᠨ ᠤ ᠬᠠᠪᠤᠷ᠂ ᠴᠢᠩᠭᠢᠰ ᠬᠠᠭᠠᠨ ᠤ ᠠᠯᠲᠠᠨ ᠤᠷᠤᠭ ᠤᠨ ᠨᠤᠶᠠᠳ ᠬᠤᠷᠠᠯᠳᠤᠵᠤ᠂ ᠬᠦᠶᠦᠭ  ᠢ ᠮᠤᠩᠭᠤᠯ ᠬᠠᠭᠠᠨᠲᠤ ᠤᠯᠤᠰ ᠤᠨ ᠭᠤᠷᠪᠠᠳᠤᠭᠠᠷ ᠦᠶ᠎ᠡ ᠶᠢᠨ ᠶᠡᠭᠡ ᠬᠠᠭᠠᠨ ᠢᠶᠠᠷ ᠰᠤᠩᠭᠤᠪᠠ᠃ ᠬᠦᠶᠦᠭ ᠬᠠᠭᠠᠨ ᠡᠷᠭᠦᠮᠵᠢᠯᠡᠭᠳᠡᠭᠰᠡᠨ ᠤ ᠳᠠᠷᠠᠭ᠎ᠠ ᠤᠳᠴᠢᠬᠢᠨ ᠨᠤᠶᠠᠨ ᠠᠴᠠ ᠶᠠᠯ᠎ᠠ ᠠᠰᠠᠭᠤᠨ ᠨᠠᠮ ᠰᠦᠯᠪᠡᠭᠡ ᠶᠢ ᠨᠢ ᠰᠢᠢᠳᠬᠡᠭᠰᠡᠨ ᠪᠠᠶᠢᠨ᠎ᠠ᠃        1206 ᠤᠨ ᠳᠤ ᠴᠢᠩᠬᠢᠰ ᠬᠠᠭᠠᠨ ᠮᠤᠩᠭᠤᠯ ᠬᠠᠭᠠᠨᠲᠤ ᠤᠯᠤᠰ ᠢ ᠪᠠᠶᠢᠭᠤᠯᠤᠭᠰᠠᠨ ᠤ ᠳᠠᠷᠠᠭ᠎ᠠ ᠦᠭᠡᠯᠦᠨ ᠡᠬᠡ ᠪᠤᠯᠤᠨ ᠤᠳᠴᠢᠬᠢᠨ ᠨᠤᠶᠠᠨ ᠳᠤ ᠨᠢᠭᠡ ᠲᠦᠮᠡᠨ ᠢᠷᠭᠡᠨ ︵ᠲᠦᠮᠡᠨ ᠡᠷᠦᠬᠡ︶ ᠢ ᠦᠭᠪᠡ᠃ 1210 ᠤᠨ ᠳᠤ ᠴᠢᠩᠭᠢᠰ ᠬᠠᠭᠠᠨ ᠭᠤᠷᠪᠠᠳᠤᠭᠠᠷ ᠲᠡᠭᠦᠦ ᠬᠠᠴᠢᠭᠤᠨ᠂ ᠳᠦᠷᠪᠡᠳᠦᠭᠡᠷ ᠲᠡᠭᠦᠦ ᠤᠳᠴᠢᠬᠢᠨ  ᠳᠠᠭᠠᠨ ᠪᠤᠶᠢᠷ ᠨᠠᠭᠤᠷ ᠪᠤᠯᠤᠨ ᠬᠦᠯᠦᠨ ᠨᠠᠭᠤᠷ ᠠᠴᠠ ᠡᠮᠦᠨᠡᠰᠢᠬᠢ ᠬᠢᠩᠭᠠᠨ ᠳᠠᠪᠠᠭ᠎ᠠ ᠤᠷᠴᠢᠮ ᠤᠨ ᠤᠷᠤᠨ ᠢ ᠡᠵᠡᠮᠰᠢᠯ ᠨᠤᠲᠤᠭ ᠪᠤᠯᠭᠠᠨ ᠬᠤᠪᠢᠶᠠᠵᠤ ᠦᠭᠴᠡᠢ᠃ ᠤᠳᠴᠢᠬᠢᠨ ᠨᠤᠶᠠᠨ ᠤ ᠦᠷᠡᠰ ᠨᠢ ᠤᠩᠨᠢᠭᠤᠳ ᠠᠶᠢᠮᠠᠭ ᠤᠨ ᠳᠡᠭᠡᠳᠦᠰ ᠪᠤᠯᠤᠨ᠎ᠠ᠃
 
ᠢᠷᠡᠯᠲᠡ᠄ ︽ᠴᠢᠩᠭᠢᠰ ᠬᠠᠭᠠᠨ ᠠᠴᠠ ᠬᠤᠪᠢᠯᠠᠢ ᠬᠠᠭᠠᠨ ᠬᠦᠷᠲᠡᠯᠡᠬᠢ ᠵᠠᠭᠤᠨ ᠬᠦᠮᠦᠨ ᠤ ᠲᠤᠪᠴᠢ ᠨᠠᠮᠲᠠᠷ︾ ᠨᠤᠮ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号