ᠲᠡᠤᠬᠡᠨ ᠨᠡᠷᠡᠳᠤ ᠬᠦᠮᠦᠨ — ᠵᠤᠩᠳᠣᠯᠠᠢ
ᠨᠡᠶᠢᠲᠡᠯᠡᠭᠰᠡᠨ ᠴᠠᠭ᠄
2018-04-09
       ᠵᠤᠩᠳᠣᠯᠠᠢ — ᠣᠮᠠᠷᠠᠳᠣ ᠶᠣᠸᠠᠨ ᠣᠯᠣᠰ ᠤᠨ ᠰᠡᠭᠦᠯᠴᠢ ᠦᠶ᠎ᠡ ᠶᠢᠨ ᠣᠷᠳᠣᠰ ᠲᠦᠮᠡᠨ ᠤ ᠠᠬᠠᠯᠠᠭᠴᠢ ᠃ ᠳᠦᠷᠦᠵᠤ ᠨᠦᠭᠴᠢᠭᠰᠡᠨ ᠣᠨ ᠰᠠᠷ᠎ᠠ ᠨᠢ ᠳᠣᠳᠣᠷᠬᠠᠢ ᠦᠭᠡᠢ᠃ ᠵᠤᠩᠳᠣᠯᠠᠢ ᠦᠢᠵᠠᠩ ᠨᠤᠶᠠᠨ᠂ ᠦᠢᠵᠠᠩ ᠵᠤᠩᠳᠣᠯᠠᠢ ᠳᠠᠶᠢᠵᠢ ᠴᠣ᠋ ᠭᠡᠳᠡᠭ᠃ ᠪᠠᠷᠰᠪᠤᠯᠣᠳ ᠵᠢᠨᠤᠩ ᠤᠨ ᠭᠤᠴᠢ᠃ ᠡᠴᠢᠭᠡ ᠪᠠᠨ ᠵᠠᠯᠭᠠᠮᠵᠢᠯᠠᠨ ᠣᠷᠳᠣᠰ ᠲᠦᠮᠡᠨ ᠤ ᠬᠠᠭᠤᠴᠢᠳ᠂ ᠬᠡᠷᠡᠶᠢᠳ ᠬᠤᠶᠠᠷ ᠤᠲᠤᠭ ᠢ ᠵᠠᠬᠢᠷᠴᠤ᠂ ᠣᠳᠣ ᠶᠢᠨ ᠱᠠᠨᠰᠢ ᠶᠢᠨ ᠬᠤᠶᠢᠳᠣ ᠭᠡᠰᠡᠭ ᠪᠠ ᠭᠠᠨᠰᠤ ᠶᠢᠨ ᠵᠢᠣᠴᠢᠣᠸᠠᠨ ᠬᠠᠪᠢ ᠪᠠᠷ ᠨᠤᠳᠣᠭᠯᠠᠵᠤ ᠪᠠᠶᠢᠪᠠ᠃ ᠵᠤᠩᠳᠣᠯᠠᠢ ᠲᠦᠮᠡᠳ ᠤᠨ ᠨᠤᠶᠠᠳ ᠤᠨ ᠬᠠᠮᠳᠣ ᠬᠦᠬᠡᠨᠠᠭᠤᠷ ᠲᠤ ᠣᠯᠠᠨᠳᠠ ᠣᠷᠣᠵᠣ᠂ ᠦᠢᠷᠠᠳᠴᠣᠳ ᠲᠠᠢ ᠳᠠᠶᠢᠳᠣᠵᠣ ᠪᠡᠯᠴᠢᠭᠡᠷ ᠨᠤᠲᠤᠭ ᠢᠶᠠᠨ ᠦᠷᠭᠡᠳᠭᠡᠵᠡᠢ᠃ ᠣᠳᠣ ᠶᠢᠨ ᠱᠠᠨᠰᠢ ᠶᠢᠨ ᠳᠡᠮᠡᠭᠡᠳᠣ ︵ᠢᠣᠢ ᠯᠢᠨ︶᠂ ᠭᠠᠨᠰᠣ ᠶᠢᠨ ᠯᠢᠩ ᠡᠣ ᠬᠠᠪᠢ ᠪᠠᠷ ᠮᠢᠩ ᠣᠯᠣᠰ ᠲᠠᠢ ᠵᠠᠬ᠎ᠠ ᠶᠢᠨ ᠠᠷᠠᠯᠵᠢᠶ᠎ᠠ ᠬᠢᠯᠴᠡᠵᠤ ᠪᠠᠶᠢᠵᠡᠢ᠃ 1590 ᠤᠨ ᠳᠤ ᠨᠢᠩᠰᠢᠶᠠ ᠶᠢᠨ ᠴᠡᠷᠢᠭ ᠤᠨ ᠳᠡᠳ᠋ ᠵᠠᠬᠢᠷᠤᠭᠴᠢ ᠰᠣᠪᠡᠢ ᠶᠢᠨ ᠮᠢᠩ ᠢ ᠡᠰᠡᠷᠭᠦᠴᠡᠭᠰᠡᠨ ᠠᠵᠢᠯᠯᠠᠭ᠎ᠠ ᠶᠢ ᠪᠤᠱᠣᠭᠳᠣ ᠵᠢᠨᠤᠩ ᠤᠨ ᠬᠠᠮᠳᠣ ᠳᠡᠮᠵᠢᠵᠤ ᠪᠠᠶᠢᠭᠰᠡᠨ᠃ ᠰᠡᠭᠦᠯᠡᠷ ᠮᠢᠩ ᠣᠯᠣᠰ ᠯᠤᠭ᠎ᠠ ᠠᠷᠠᠯᠵᠢᠶ᠎ᠠ ᠪᠠᠨ ᠰᠡᠷᠭᠦᠭᠡᠪᠡ᠃        ︽ᠮᠤᠩᠭᠤᠯ ᠦᠨᠳᠤᠰᠤᠳᠡᠨ ᠤ ᠪᠦᠷᠢᠨ ᠲᠤᠯᠢ︾ ᠠᠴᠠ ᠪᠠᠭᠤᠯᠭᠠᠪᠠ
 
ᠢᠷᠡᠯᠲᠡ᠄ ᠤᠷᠳᠤᠰ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号