| ᠰᠢᠨᠡᠯᠠᠮ᠎ᠠ ︵1866 ~ 1929︶ — ᠶᠡᠭᠡ ᠵᠤᠤ ᠶᠢᠨ ᠴᠢᠭᠤᠯᠭᠠᠨ ︵ᠤᠳᠤ ᠶᠢᠨ ᠤᠷᠳᠤᠰ | ᠬᠤᠳᠠ︶ ᠤ ︽ᠲᠤᠭᠤᠶᠢᠯᠡᠩ︾ ᠤᠨ ᠭᠦᠳᠡᠯᠭᠡᠭᠡᠨ ᠤ ᠵᠤᠬᠢᠨᠨ ᠪᠠᠶᠢᠭᠤᠯᠤᠭᠴᠢ᠂ ᠤᠳᠤᠷᠢᠳᠤᠭᠴᠢ ᠪᠢᠯᠡ᠃ | ᠤᠭ ᠤᠨ ᠨᠡᠷ᠎ᠠ ᠨᠢ ᠦᠯᠵᠡᠶᠢᠵᠢᠷᠭᠠᠯ ᠭᠡᠳᠡᠭ᠃ ᠦᠤᠰᠢᠨ ᠬᠤᠰᠢᠭᠤᠨ ᠤ ᠭᠦᠮᠤᠨ᠃ ᠦᠪᠡᠰᠤᠪᠠᠨ ᠮᠤᠩᠭᠤᠯ | ᠦᠰᠤᠭ᠌ ᠪᠢᠴᠢᠭ ᠰᠤᠷᠴᠠᠢ᠃ 1881 ᠤᠨ ᠳᠤ ᠦᠤᠰᠢᠨ ᠬᠤᠰᠢᠭᠤᠨ ᠤ ᠸᠠᠩ ᠤᠨ ᠤᠷᠳᠤᠨ ᠳᠤ ᠲᠠᠬᠠᠷ ᠶᠠᠪᠤᠵᠤ | ᠂ 1889 ᠤᠨ ᠳᠤ ᠸᠠᠩ ᠤᠨ ᠤᠷᠳᠤᠨ ᠤ ᠪᠢᠴᠢᠭᠡᠴᠢ᠂ ᠵᠢᠩᠬᠢᠨᠢ ᠪᠢᠴᠢᠭᠡᠴᠢ ᠪᠤᠯᠵᠤ ᠲᠡᠪᠰᠢᠪᠡ᠃ 1901 | ᠤᠨ ᠤ 10 ᠰᠠᠷ᠎ᠠ ᠳᠤ᠂ ᠸᠠᠩ ᠤᠨ ᠤᠷᠳᠤᠨ ᠠᠴᠠ ᠲᠠᠭᠠᠭᠰᠡᠳ ᠢᠶᠠᠷ ᠲᠤᠮᠢᠯᠠᠭᠳᠠᠵᠤ᠂ ᠰᠢ ᠠᠨ ᠠᠴᠠ ᠼᠢ ᠰᠢ | ᠲᠠᠶᠢᠭᠡᠤ ᠶᠢ ᠲᠠᠭᠠᠵᠤ᠂ ᠪᠡᠭᠡᠵᠢᠩ ᠳᠤ ᠭᠦᠷᠭᠡᠭᠡᠳ ᠪᠡᠭᠡᠵᠢᠩ ᠳᠤ ᠭᠡᠳᠤᠨ ᠵᠢᠯ ᠰᠠᠭᠤᠪᠠ᠃ 1905 ᠤᠨ ᠳᠤ | ᠡᠪᠡᠳᠴᠢᠨ ᠢᠶᠠᠷ ᠲᠤᠰᠢᠶᠠᠯ ᠠᠴᠠ ᠪᠠᠨ ᠪᠠᠭᠤᠵᠤ ᠦᠤᠰᠢᠨ ᠳᠡᠭᠡᠨ ᠬᠠᠷᠢᠭᠠᠳ ᠪᠢᠴᠢᠭᠡᠴᠢ ᠪᠠᠨ ᠴᠤ ᠪᠤᠯᠢᠵᠤ᠂ ︽ | ᠲᠤᠭᠤᠶᠢᠯᠡᠩ︾ ᠵᠤᠬᠢᠶᠠᠨ ᠪᠠᠶᠢᠭᠤᠯᠵᠤ᠂ ᠴᠢᠩ ᠤᠨ ᠲᠦᠷᠤ ᠪᠠ ᠸᠠᠩ ᠭᠦᠩ ᠢᠵᠡᠭᠤᠷᠳᠠᠨ ᠤ ᠨᠤᠶᠠᠷᠬᠠᠯ ᠢ | ᠡᠰᠡᠷᠭᠦᠴᠡᠭᠦ ᠲᠡᠮᠡᠴᠡᠯ ᠦᠷᠨᠢᠭᠦᠯᠪᠠ᠃ 1907 ᠤᠨ ᠳᠤ ᠰᠦᠮ᠎ᠠ ᠳᠤ ᠰᠠᠭᠤᠵᠤ ᠯᠠᠮᠠ ᠪᠤᠯᠪᠠ᠃ ᠬᠤᠵᠢᠮ ᠨᠢ | ᠰᠦᠮ᠎ᠠ ᠳᠤ ᠰᠠᠭᠤᠵᠤ ᠯᠠᠮᠠ ᠪᠤᠯᠤᠭᠰᠡᠨ ᠪᠠ ᠡᠭᠡᠨᠡᠷ ᠠᠪᠴᠤ ᠬᠡᠤᠭᠡᠳ ᠲᠠᠢ ᠪᠠᠶᠢᠭᠰᠡᠨ ᠪᠤᠯᠬᠤᠷ ᠦᠪᠡᠷ ᠢ ᠪᠠᠨ ︽ | ᠰᠢᠨ᠎ᠠ ᠯᠠᠮᠠ︾ ᠭᠡᠳᠡᠭ ᠪᠠᠶᠢᠵᠡᠢ᠃ 1912 ᠤᠨ ᠳᠤ᠂ ᠪᠦᠬᠦ ᠬᠤᠰᠢᠭᠤᠨ ᠳᠠᠭᠠᠨ 11 ︽ᠲᠤᠭᠤᠶᠢᠯᠡᠩ︾ | ᠪᠠᠶᠢᠭᠤᠯᠵᠤ᠂ 1915 ᠤᠨ ᠳᠤ ᠡᠨᠡ ᠭᠦ ︽ᠲᠤᠭᠤᠶᠢᠯᠡᠩ︾ ᠤᠨ ᠭᠦᠳᠡᠯᠭᠡᠭᠡᠨ ᠨᠢ ᠤᠷᠬᠢᠯ ᠳᠠᠭᠠᠨ ᠭᠦᠷᠴᠤ᠂ | ᠬᠤᠰᠢᠭᠤᠨ ᠤ ᠸᠠᠩ ᠱᠠᠭᠳᠠᠷᠰᠡᠷᠡᠩ ᠢ ᠦᠯᠳᠡᠨ ᠵᠠᠶᠢᠯᠠᠭᠤᠯᠵᠤ᠂ ᠸᠠᠩ ᠤᠨ ᠬᠠᠳᠤᠨ ᠢ ᠠᠯᠡᠪᠠ᠃ 1918 ︵ | 1919 ᠴᠤ ᠭᠡᠳᠡᠭ︶ ᠤᠨ ᠳᠤ ᠲᠠᠷᠠ ᠪᠠᠷᠢᠪᠴᠢᠯᠠᠭᠳᠠᠵᠤ᠂ ᠬᠤᠶᠠᠷ ᠵᠢᠯ ᠤᠨ ᠲᠠᠷᠠᠭ᠎ᠠ ᠱᠤᠷᠤᠩ ᠠᠴᠠ ᠤᠷᠭᠤᠵᠤ | ᠭᠠᠷᠤᠭᠠᠳ ᠪᠡᠭᠡᠵᠢᠩ ᠤᠨ ᠶᠦᠩ ᠾᠧ ᠭᠥᠩ ᠬᠡᠶᠢᠳ ᠲᠤ ᠲᠠᠯᠳᠠᠯᠡᠨ ᠰᠠᠭᠤᠪᠠ᠃ 1924 ᠤᠨ ᠳᠤ᠂ ᠪᠦᠭᠦᠳᠠ | ᠨᠠᠶᠢᠷᠠᠮᠳᠠᠬᠤ ᠮᠤᠩᠭᠤᠯ ᠠᠷᠠᠳ ᠤᠯᠤᠰ ᠲᠤ ᠤᠴᠢᠵᠡᠢ᠃ 1925 ᠤᠨ ᠳᠤ᠂ ᠲᠤᠳᠤᠭᠠᠳᠤ ᠮᠤᠩᠭᠤᠯ ᠤᠨ | ᠠᠷᠠᠳ ᠤᠨ ᠬᠤᠪᠢᠰᠬᠠᠯᠳᠤ ᠨᠠᠮ ᠤᠨ ᠲᠦᠯᠤᠭᠡᠯᠡᠭᠴᠢᠳ ᠤᠨ ᠠᠩᠬᠠᠳᠤᠭᠠᠷ ᠶᠡᠭᠡ ᠬᠤᠷᠠᠯ ᠳᠤ ᠤᠷᠤᠯᠴᠠᠵᠤ᠂ ᠲᠦᠪ | ᠬᠤᠷᠢᠶᠠᠨ ᠤ ᠭᠦᠢᠴᠡᠳᠭᠡᠭᠦ ᠭᠡᠰᠢᠭᠦᠨ ᠢᠶᠠᠷ ᠰᠤᠩᠭᠤᠭᠳᠠᠪᠠ᠃ 1926 ᠤᠨ ᠳᠤ᠂ ᠦᠤᠰᠢᠨ ᠬᠤᠰᠢᠭᠤᠨ ᠳᠠᠭᠠᠨ | ᠬᠠᠷᠢᠵᠤ ᠪᠤᠭᠤᠳᠤ ᠳᠤ ᠦᠤᠰᠢᠨ ᠬᠤᠰᠢᠭᠤᠨ ᠤ ᠠᠮᠤᠷ ᠢ ᠬᠠᠮᠠᠭᠠᠯᠠᠬᠤ ᠠᠩᠬᠢ ᠶᠢ ᠵᠤᠬᠢᠶᠠᠨ ᠪᠠᠶᠢᠭᠤᠯᠵᠤ᠂ | ᠬᠤᠵᠢᠮ ᠨᠢ ᠲᠤᠳᠤᠭᠠᠳᠤ ᠮᠤᠩᠭᠤᠯ ᠤᠨ ᠠᠷᠠᠳ ᠤᠨ ᠬᠤᠪᠢᠰᠬᠠᠯᠳᠤ ᠴᠡᠷᠢᠭ ᠤᠨ ᠠᠷᠪᠠᠨ ᠬᠤᠶᠠᠳᠤᠭᠠᠷ ᠬᠤᠷᠢᠶ᠎ᠠ | ᠪᠤᠯᠭᠠᠬᠤ ᠦᠶ᠎ᠠ ᠳᠤ ᠬᠤᠷᠢᠶᠠᠨ ᠤ ᠲᠠᠷᠤᠭ᠎ᠠ ᠪᠤᠯᠵᠡᠢ᠃ ᠡᠭᠦᠨ ᠤ ᠬᠠᠮᠳᠤ ᠲᠤᠳᠤᠭᠠᠳᠤ ᠮᠤᠩᠭᠤᠯ ᠤᠨ ᠠᠷᠠᠳ ᠤᠨ | ᠬᠤᠪᠢᠰᠬᠠᠯᠳᠤ ᠨᠠᠮ ᠤᠨ ᠵᠤᠬᠢᠶᠠᠨ ᠪᠠᠶᠢᠭᠤᠯᠤᠯᠳᠠ ᠶᠢ ᠶᠡᠭᠡ ᠪᠠᠷ ᠦᠷᠭᠡᠳᠭᠡᠨ ᠭᠦᠭᠵᠢᠭᠦᠯᠵᠤ᠂ ᠲᠤᠳᠤᠭᠠᠳᠤ | ᠮᠤᠩᠭᠤᠯ ᠤᠨ ᠠᠷᠠᠳ ᠤᠨ ᠬᠤᠪᠢᠰᠬᠠᠯᠳᠤ ᠨᠠᠮ ᠤᠨ 17 ᠡᠭᠦᠷ ᠪᠠᠶᠢᠭᠤᠯᠤᠭᠰᠡᠨ ᠪᠠ ᠲᠤᠰ ᠨᠠᠮ ᠤᠨ ᠦᠤᠰᠢᠨ | ᠬᠤᠰᠢᠭᠤᠨ ᠤ ᠤᠳᠤᠷᠢᠳᠬᠤ ᠭᠠᠵᠡᠷ ᠢ ᠲᠦᠯᠬᠢᠨ ᠤᠨᠠᠭᠠᠭᠠᠳ ︽ᠤᠯᠡᠨ ᠨᠠᠶᠢᠳᠠ ᠤᠨ ᠵᠦᠪᠯᠡᠯ︾ ᠪᠠᠶᠢᠭᠤᠯᠵᠤ᠂ | ᠪᠦᠬᠦ ᠬᠤᠰᠢᠭᠤᠨ ᠤ ᠵᠠᠰᠠᠭ ᠤᠨ ᠶᠠᠪᠤᠳᠠᠯ ᠢ ᠤᠳᠤᠷᠢᠳᠬᠤ ᠪᠤᠯᠭᠠᠵᠡᠢ᠃ ᠤᠯᠡᠨ ᠨᠠᠶᠢᠳᠠ ᠶᠢᠨ ᠵᠦᠪᠯᠡᠯ ᠨᠢ ᠠᠯᠢᠪᠠ | ᠠᠯᠪᠠ ᠭᠠᠶᠢᠯᠢ ᠪᠠ ᠵᠠᠯᠢᠬᠠᠢ ᠬᠤᠳᠠᠯᠳᠤᠭᠠᠴᠢᠨ ᠤ ᠦᠷᠢ ᠠᠪᠴᠠᠭ᠎ᠠ ᠶᠢ ᠭᠦᠴᠤᠨ ᠦᠭᠡᠢ ᠪᠤᠯᠭᠠᠬᠤ᠂ ᠬᠠᠷ᠎ᠠ | ᠲᠠᠮᠠᠬᠢ ᠶᠢ ᠬᠤᠷᠢᠭᠯᠠᠬᠤ᠂ ᠰᠤᠷᠭᠠᠭᠤᠯᠢ ᠪᠠᠶᠢᠭᠤᠯᠵᠤ ᠮᠤᠩᠭᠤᠯ ᠬᠢᠳᠡᠳ ᠪᠢᠴᠢᠭ ᠰᠤᠷᠭᠠᠬᠤ᠂ ᠡᠷᠡᠭᠳᠡᠢ ᠡᠮᠡᠭᠳᠡᠢ ᠶᠢ | ᠡᠷᠭᠡ ᠲᠡᠭᠰᠢ ᠪᠤᠯᠭᠠᠵᠤ ᠴᠢᠯᠤᠭᠡᠳᠡᠢ ᠬᠡᠷᠡᠭᠯᠡᠭᠦᠯᠭᠦ᠂ ᠯᠠᠮᠠ ᠨᠠᠷ ᠬᠠᠷ᠎ᠠ ᠪᠤᠯᠵᠤ ᠡᠷᠬᠡ ᠴᠢᠯᠤᠭᠡᠳᠡᠢ ᠪᠠᠶᠢᠬᠤ ᠶᠢ | ᠵᠠᠷᠯᠠᠵᠡᠢ᠃ ᠪᠠᠢ ᠶᠦᠨ ᠲᠢ ︵ᠰᠠᠷᠠᠩᠳᠤᠩᠷᠤᠪ︶ ᠶᠢᠨ ᠪᠦᠯᠤᠭ᠌ ᠤᠨ ᠵᠡᠪᠰᠡᠭᠳᠤ ᠲᠠᠷᠤᠩᠭᠤᠶᠢᠯᠡᠯ ᠢ | ᠰᠦᠢᠷᠡᠭᠦᠯᠤᠭ᠍ᠰᠡᠨ ᠤ ᠲᠠᠷᠠᠭ᠎ᠠ᠂ ᠨᠢᠭᠡ ᠲᠠᠯ᠎ᠠ ᠪᠠᠷ ᠢᠶᠠᠨ ᠲᠤᠮᠳᠠᠳᠤ ᠤᠯᠤᠰ ᠤᠨ ᠡᠪ ᠬᠠᠮᠳᠤ ᠨᠠᠮ ᠤᠨ ᠱᠠᠨᠪᠸᠢ ᠶᠢᠨ | ᠤᠨᠴᠠᠭᠠᠢ ᠬᠤᠷᠢᠶ᠎ᠠ ᠲᠠᠢ ᠬᠠᠷᠢᠯᠴᠠᠨ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠡᠮᠵᠢᠯᠭᠡ ᠶᠢ ᠤᠯᠬᠤ ᠪᠠᠷ | ᠴᠢᠷᠮᠠᠶᠢᠵᠤ᠂ ᠨᠦᠭᠦᠭᠡ ᠲᠠᠯ᠎ᠠ ᠪᠠᠷ ᠠᠷᠭᠠᠴᠠᠬᠤ ᠪᠤᠳᠤᠯᠭ᠎ᠠ ᠠᠪᠴᠤ ᠨᠢᠭᠤᠴᠠ ᠲᠡᠮᠡᠴᠡᠯ ᠳᠤ ᠰᠢᠯᠵᠢᠨ ᠱᠠᠨᠪᠸᠢ ᠶᠢᠨ | ᠴᠡᠷᠢᠭ ᠤᠨ ᠡᠷᠭᠡᠳᠡᠨ ᠤ ᠪᠦᠰᠡᠯᠡᠨ ᠤᠰᠠᠳᠬᠠᠯᠳᠠ ᠶᠢ ᠵᠡᠪᠰᠡᠭᠳᠤ ᠲᠡᠮᠡᠴᠡᠯ ᠢᠶᠠᠷ ᠡᠰᠡᠷᠭᠦᠴᠡᠵᠤ ᠪᠠᠶᠢᠯ᠎ᠠ᠃ | ᠱᠠᠨᠪᠸᠢ ᠶᠢᠨ ᠴᠡᠷᠢᠭ ᠤᠨ ᠡᠷᠭᠡᠳᠡᠨ ᠶᠤᠸᠠᠢ ᠵᠢᠩ ᠰᠢᠤ ᠪᠠ ᠸᠠᠩ ᠤᠨ ᠤᠷᠳᠤᠨ ᠤ ᠴᠡᠷᠢᠭ ᠲᠠᠢ ᠭᠡᠳᠤᠨ ᠠᠷᠪᠠᠨ | ᠤᠳᠠᠭ᠎ᠠ ᠰᠢᠷᠤᠭᠦᠨ ᠲᠤᠯᠤᠯᠳᠤᠭᠠᠨ ᠬᠢᠭᠰᠡᠨ ᠶᠤᠮ᠃ 1929 ᠤᠨ ᠤ ᠬᠠᠪᠤᠷ ᠤᠷᠪᠠᠭᠴᠢ ᠳᠤ ᠬᠤᠤᠷᠯᠠᠭᠳᠠᠵᠡᠢ᠃ | | | ︽ᠮᠤᠩᠭᠤᠯ ᠦᠨᠳᠤᠰᠤᠳᠡᠨ ᠤ ᠪᠦᠷᠢᠨ ᠲᠤᠯᠢ︾ ᠠᠴᠠ ᠪᠠᠭᠤᠯᠭᠠᠪᠠ | |