| ᠮᠦᠩᠬᠡ ᠪᠤᠯ ᠴᠢᠩᠭᠢᠰ ᠬᠠᠭᠠᠨ ᠤ ᠤᠳᠬᠤᠨ ᠬᠦᠪᠡᠭᠦᠨ ᠲᠤᠯᠤᠢ ᠶᠢᠨ ᠠᠬᠠᠮᠠᠳ ᠬᠦᠪᠡᠭᠦᠨ ᠪᠤᠯᠤᠨ᠎ᠠ᠃ | 1208 ᠤᠨ ᠤ ᠠᠷᠪᠠᠨ ᠬᠤᠶᠠᠳᠤᠭᠠᠷ ᠰᠠᠷ᠎ᠠ ᠶᠢᠨ ᠭᠤᠷᠪᠠᠨ ᠤ ᠡᠳᠦᠷ ᠰᠤᠷᠬᠠᠨᠳᠠᠨᠢ ᠬᠠᠲᠤᠨ ᠠᠴᠠ ᠲᠦᠷᠦᠵᠡᠢ᠃ | ᠮᠦᠩᠬᠡ ᠪᠤᠯ ᠬᠠᠭᠠᠨᠲᠤ ᠮᠤᠩᠭᠤᠯ ᠤᠯᠤᠰ ᠤᠨ ᠳᠦᠷᠪᠡᠳᠦᠭᠡᠷ ᠦᠶ᠎ᠡ ᠶᠢᠨ ᠶᠡᠭᠡ ᠬᠠᠭᠠᠨ ᠶᠤᠮ᠃ ᠲᠡᠷᠡ ᠠᠬ᠎ᠠ | ᠳᠡᠭᠦᠦ ᠠᠷᠪᠠᠨ ᠨᠢᠭᠡᠭᠦᠯᠡ ᠪᠦᠭᠡᠳ ᠡᠭᠦᠨ ᠤ ᠲᠤᠳᠤᠷ᠎ᠠ ᠮᠦᠩᠬᠡ᠂ ᠬᠤᠪᠢᠯᠠᠢ᠂ ᠦᠯᠡᠬᠦ᠂ ᠠᠷᠢᠭᠪᠦ᠋ᠬᠡ | ᠳᠦᠷᠪᠡᠭᠦᠯᠡ ᠪᠤᠯ ᠰᠤᠷᠬᠠᠨᠳᠠᠨᠢ ᠬᠠᠲᠤᠨ ᠠᠴᠠ ᠲᠦᠷᠦᠭᠰᠡᠨ ᠡᠬᠡ ᠨᠢᠭᠡᠳᠡᠢ ᠠᠬ᠎ᠠ ᠳᠡᠭᠦᠦ ᠪᠤᠯᠤᠨ᠎ᠠ᠃ | ᠦᠭᠡᠳᠡᠢ ᠬᠠᠭᠠᠨ ᠠᠮᠢᠳᠤ ᠰᠡᠷᠢᠭᠦᠨ ᠪᠠᠶᠢᠬᠤ ᠳᠠᠭᠠᠨ ᠦᠪᠡᠷ ᠤᠨ ᠭᠤᠷᠪᠠᠳᠤᠭᠠᠷ ᠬᠦᠪᠡᠭᠦᠨ ᠬᠦᠴᠦ ᠪᠠᠷ | ᠶᠡᠭᠡ ᠰᠠᠭᠤᠷᠢᠨ ᠢ ᠵᠠᠯᠭᠠᠮᠵᠢᠯᠠᠭᠤᠯᠬᠤ ᠪᠠᠷ ᠵᠢᠱᠢᠵᠦ ᠪᠠᠶᠢᠪᠠ᠃ ᠭᠡᠲᠡᠯ᠎ᠡ ᠬᠦᠴᠦ ᠡᠮᠦᠨᠡᠲᠦ ᠰᠦᠩ ᠤᠯᠤᠰ ᠲᠠᠢ | ᠪᠠᠶᠢᠯᠳᠤᠵᠤ ᠪᠠᠶᠢᠭᠠᠳ ᠦᠷᠡᠭᠳᠡᠭᠰᠡᠨ ᠠᠵᠢ᠃ ᠡᠶᠢᠮᠦ ᠠᠴᠠ ᠦᠭᠡᠳᠡᠢ ᠬᠠᠭᠠᠨ ᠬᠦᠴᠦ ᠶᠢᠨ ᠠᠬᠠᠮᠠᠳ ᠬᠦᠪᠡᠭᠦᠨ | ᠰᠢᠷᠡᠮᠦᠨ ᠪᠤᠶᠤ ᠲᠤᠯᠤᠢ ᠶᠢᠨ ᠠᠬᠠᠮᠠᠳ ᠬᠦᠪᠡᠭᠦᠨ ᠮᠦᠩᠬᠡ ᠶᠢ ᠬᠠᠭᠠᠨ ᠤᠷᠤ ᠵᠠᠯᠭᠠᠮᠵᠢᠯᠠᠭᠤᠯᠬᠤ ᠪᠠᠷ ᠵᠤᠷᠢᠵᠤ | ᠪᠠᠶᠢᠪᠠ᠃ ᠦᠭᠡᠳᠡᠢ ᠬᠠᠭᠠᠨ ᠢ ᠨᠠᠰᠤ ᠪᠠᠷᠠᠭᠰᠠᠨ ᠤ ᠳᠠᠷᠠᠭ᠎ᠠ ᠲᠡᠭᠦᠨ ᠤ ᠬᠠᠲᠤᠨ ᠲᠦᠷᠡᠭᠡᠨᠡ ᠲᠦᠷᠦ ᠶᠢ ᠵᠠᠰᠠᠵᠤ | ᠦᠭᠡᠳᠡᠢ ᠬᠠᠭᠠᠨ ᠤ ᠬᠦᠰᠡᠯ ᠱᠠᠭᠠᠷᠳᠠᠯᠭ᠎ᠠ ᠪᠠ ᠵᠠᠷᠯᠢᠭ ᠢ ᠵᠦᠷᠢᠴᠡᠵᠦ᠂ ᠬᠦᠪᠡᠭᠦᠨ ᠬᠦᠶᠦᠭ ᠢᠶᠠᠨ ᠬᠠᠭᠠᠨ | ᠰᠠᠭᠤᠷᠢᠨ ᠳᠤ ᠰᠠᠭᠤᠯᠭᠠᠭᠰᠠᠨ ᠪᠢᠯᠡ᠃ 1230 ᠤᠨ ᠳᠤ ᠮᠦᠩᠬᠡ ᠦᠭᠡᠳᠡᠢ ᠬᠠᠭᠠᠨ ᠢ ᠳᠠᠭᠠᠵᠤ ᠠᠯᠲᠠᠨ | ᠤᠯᠤᠰ ᠢ ᠳᠠᠶᠢᠯᠠᠬᠤ ᠪᠠᠷ ᠮᠤᠷᠳᠠᠪᠠ᠃ 1234 ᠤᠨ ᠳᠤ ᠮᠤᠩᠭᠤᠯ ᠤᠨ ᠶᠡᠭᠡ ᠴᠡᠷᠢᠭ ᠠᠯᠲᠠᠨ ᠤᠯᠤᠰ ᠢ | ᠮᠦᠬᠦᠭᠡᠭᠡᠳ ᠬᠠᠷ᠎ᠠ ᠬᠤᠷᠢᠨ ᠳᠤ ᠪᠤᠴᠠᠵᠤ ᠢᠷᠡᠵᠡᠢ᠃ ᠡᠨᠡ ᠦᠶ᠎ᠡ ᠳᠤ ᠲᠤᠯᠤᠢ ᠨᠢᠭᠡᠨᠲᠡ ᠨᠠᠰᠤ ᠪᠠᠷᠠᠭᠰᠠᠨ ᠲᠤᠯᠠ | ᠦᠭᠡᠳᠡᠢ ᠬᠠᠭᠠᠨ ᠮᠦᠩᠭᠡ ᠶᠢ ᠡᠴᠢᠭᠡ ᠶᠢᠨ ᠬᠢᠨᠢ ᠤᠷᠳᠤᠨ ᠳᠤ ᠪᠤᠴᠠᠭᠠᠵᠤ᠂ ᠲᠡᠭᠦᠨ ᠤ ᠵᠠᠬᠢᠷᠴᠤ ᠪᠠᠶᠢᠭᠰᠠᠨ | ᠴᠡᠷᠢᠭ ᠪᠠ ᠠᠷᠠᠳ ᠢᠷᠭᠡᠳ ᠢ ᠬᠠᠮᠢᠶᠠᠷᠤᠭᠤᠯᠤᠭᠰᠠᠨ ᠪᠠᠶᠢᠨ᠎ᠠ᠃ | 1235 ᠤᠨ ᠳᠤ ᠦᠭᠡᠳᠡᠢ ᠬᠠᠭᠠᠨ ᠠᠬᠠᠮᠠᠳ ᠬᠦᠪᠡᠭᠦᠳ ᠤᠨ ᠠᠶᠠᠨ ᠳᠠᠶᠢᠨ ᠢ ᠵᠤᠬᠢᠶᠠᠨ | ᠪᠠᠶᠢᠭᠤᠯᠬᠤ ᠳᠤ ᠮᠦᠩᠬᠡ᠂ ᠬᠦᠶᠦᠭ ᠨᠠᠷ ᠤᠯᠤᠰ ᠤᠨ ᠭᠤᠤᠯ ᠴᠡᠷᠢᠭ ᠢ ᠵᠠᠬᠢᠷᠴᠤ ᠮᠤᠷᠳᠠᠵᠠᠢ᠃ ᠢᠩᠭᠢᠭᠡᠳ ᠪᠠᠲᠤ᠂ | ᠰᠦᠪᠡᠭᠡᠳᠡᠢ ᠶᠢᠨ ᠵᠢᠯᠤᠭᠤᠳᠤᠭᠰᠠᠨ ᠶᠡᠭᠡ ᠴᠡᠷᠢᠭ ᠲᠠᠢ ᠨᠡᠶᠢᠯᠡᠵᠦ ᠤᠷᠢᠳ ᠢᠶᠠᠷ ᠪᠤᠯᠭᠠᠷ᠂ ᠬᠢᠪᠴᠠᠭ ᠢ ᠡᠵᠡᠯᠡᠭᠰᠡᠨ | ᠪᠠᠶᠢᠨ᠎ᠠ᠃ ᠳᠠᠷᠠᠭ᠎ᠠ ᠪᠠᠷ ᠮᠦᠩᠬᠡ ᠨᠢᠭᠡ ᠵᠠᠮ ᠤᠨ ᠴᠡᠷᠢᠭ ᠳᠠᠶᠢᠴᠢᠯᠠᠨ ᠸᠤᠯᠭ᠎ᠠ ᠮᠦᠷᠡᠨ ᠪᠠ ᠳ᠋ᠤᠨ ᠮᠦᠷᠡᠨ ᠤ | ᠠᠳᠠᠭ ᠢᠶᠠᠷ ᠪᠠᠶᠢᠭᠰᠠᠨ ᠺᠤᠮᠠᠨᠴᠤᠳ ᠢ ᠳᠠᠭᠠᠷᠢᠵᠤ᠂ ᠺᠤᠮᠠᠨ ᠤ ᠲᠦᠷᠦᠭᠦᠦ ᠬᠤᠨᠠᠨ ᠡᠰᠡᠷᠭᠦᠴᠡᠭᠰᠡᠨ ᠦᠭᠡᠢ ᠪᠠᠷ | ᠬᠤᠷᠢᠨ ᠲᠦᠮᠡᠨ ᠴᠡᠷᠢᠭ ᠠᠷᠠᠳ ᠢᠶᠠᠨ ᠳᠠᠭᠠᠭᠤᠯᠤᠨ ᠬᠠᠩᠭᠠᠷᠢ ᠤᠯᠤᠰ ᠲᠤ ᠲᠤᠲᠠᠭᠠᠨ ᠤᠷᠤᠵᠠᠢ᠃ | 1240 ᠤᠨ ᠳᠤ ᠮᠤᠩᠭᠤᠯ ᠤᠨ ᠶᠡᠭᠡ ᠴᠡᠷᠢᠭ ᠤᠷᠤᠰ ᠲᠤ ᠲᠠᠬᠢᠨ ᠳᠤᠪᠲᠤᠯᠤᠯᠲᠠ ᠬᠢᠪᠡ᠃ ᠮᠦᠩᠬᠡ | ᠨᠢᠭᠡᠨ ᠰᠠᠯᠠᠭ᠎ᠠ ᠴᠡᠷᠢᠭ ᠳᠠᠭᠠᠭᠤᠯᠤᠨ ᠤᠷᠤᠰ ᠤᠨ ᠡᠷᠲᠡᠨ ᠤ ᠬᠤᠲᠠ ᠺᠠᠶᠧᠹ ᠢ ᠴᠢᠭᠯᠡᠨ ᠤᠷᠤᠭᠰᠢᠯᠠᠵᠤ᠂ ᠮᠦᠨ | ᠵᠢᠯ ᠤᠨ ᠠᠷᠪᠠᠨ ᠬᠤᠶᠠᠳᠤᠭᠠᠷ ᠰᠠᠷ᠎ᠠ ᠳᠤ ᠲᠤᠰ ᠬᠤᠲᠠ ᠶᠢ ᠪᠠᠶᠢᠯᠳᠤᠨ ᠡᠵᠡᠯᠡᠵᠡᠢ᠃ ᠪᠠᠲᠤ ᠴᠡᠷᠢᠭ ᠢᠶᠠᠨ ᠬᠡᠳᠦᠨ | ᠵᠠᠮ ᠬᠤᠪᠢᠶᠠᠵᠤ ᠬᠠᠩᠭᠠᠷᠢ᠂ ᠫᠤᠯᠠᠨᠳ᠋ ᠲᠤ ᠴᠦᠮᠦᠷᠡᠨ ᠤᠷᠤᠪᠠ᠃ ᠳᠠᠶᠢᠨ ᠪᠠᠶᠢᠯᠳᠤᠭᠠᠨ ᠨᠢ ᠬᠤᠷᠴᠠ | ᠰᠢᠷᠦᠭᠦᠨ ᠢᠶᠠᠷ ᠶᠠᠪᠤᠭᠳᠠᠵᠤ ᠪᠠᠶᠢᠲᠠᠯ᠎ᠠ ᠦᠭᠡᠳᠡᠢ ᠬᠠᠭᠠᠨ ᠤ ᠲᠡᠭᠷᠢ ᠳᠤ ᠬᠠᠯᠢᠭᠰᠠᠨ ᠴᠢᠮᠡᠭᠡ ᠤᠯᠠᠮᠵᠢᠯᠠᠭᠳᠠᠨ | ᠢᠷᠡᠭᠰᠡᠨ ᠲᠤᠯᠠ ᠪᠠᠲᠤ ᠶᠡᠭᠡ ᠴᠡᠷᠢᠭ ᠢᠶᠠᠨ ᠬᠤᠷᠢᠶᠡᠵᠦ ᠵᠡᠭᠦᠨᠰᠢ ᠪᠤᠴᠠᠵᠠᠢ᠃ | 1246 ᠤᠨ ᠳᠤ ᠮᠦᠩᠬᠡ ᠤᠯᠠᠨ ᠳᠡᠭᠦᠦ ᠨᠠᠷ ᠢᠶᠠᠨ ᠳᠠᠭᠠᠭᠤᠯᠤᠨ ᠬᠠᠷ᠎ᠠ ᠬᠤᠷᠢᠨ ᠠᠴᠠ ᠳᠠᠯᠠᠨ | ᠳᠠᠪᠠᠭ᠎ᠠ ᠳᠤ ᠬᠦᠷᠴᠦ᠂ ᠬᠦᠶᠦᠭ ᠢ ᠶᠡᠭᠡ ᠬᠠᠭᠠᠨ ᠢᠶᠠᠷ ᠰᠤᠩᠭᠤᠪᠠ᠃ | 1248 ᠤᠨ ᠤ ᠳᠦᠷᠪᠡᠳᠦᠭᠡᠷ ᠰᠠᠷ᠎ᠠ ᠶᠢᠨ ᠬᠤᠷᠢᠨ ᠳᠦᠷᠪᠡᠨ ᠤ ᠡᠳᠦᠷ ᠬᠦᠶᠦᠭ ᠬᠠᠭᠠᠨ | ᠡᠪᠡᠳᠴᠢᠨ ᠢᠶᠠᠷ ᠨᠠᠰᠤ ᠪᠠᠷᠠᠵᠠᠢ᠃ ᠢᠩᠬᠢᠭᠡᠳ ᠲᠡᠭᠦᠨ ᠤ ᠬᠠᠲᠤᠨ ᠬᠠᠶᠢᠮᠢᠰᠢ ᠲᠦᠷ ᠲᠦᠷᠦ ᠵᠠᠰᠠᠭᠰᠠᠨ ᠪᠠᠶᠢᠨ᠎ᠠ᠃ | | ᠬᠦᠶᠦᠭ ᠬᠠᠭᠠᠨ ᠢ ᠨᠠᠰᠤ ᠨᠦᠭᠴᠢᠭᠰᠡᠨ ᠤ ᠳᠠᠷᠠᠭ᠎ᠠ ᠵᠦᠴᠢ ᠶᠢᠨ ᠬᠦᠪᠡᠭᠦᠨ ᠪᠠᠲᠤ ᠪᠠᠷ | ᠲᠤᠯᠤᠭᠠᠶᠢᠯᠠᠭᠤᠯᠤᠭᠰᠠᠨ ᠵᠦᠴᠢ᠂ ᠲᠤᠯᠤᠢ ᠶᠢᠨ ᠦᠷ᠎ᠡ ᠬᠡᠦᠬᠡᠳ ᠨᠢᠭᠡ ᠪᠦᠯᠦᠭ ᠪᠤᠯᠵᠤ᠂ ᠬᠦᠶᠦᠭ ᠬᠠᠭᠠᠨ ᠤ | ᠬᠠᠶᠢᠮᠢᠰᠢ ᠬᠠᠲᠤᠨ ᠢᠶᠠᠷ ᠲᠤᠯᠤᠭᠠᠶᠢᠯᠠᠭᠤᠯᠤᠭᠰᠠᠨ ᠦᠭᠡᠳᠡᠢ᠂ ᠴᠠᠭᠠᠳᠠᠢ ᠶᠢᠨ ᠦᠷ᠎ᠡ ᠬᠡᠦᠬᠡᠳ ᠨᠢᠭᠡ ᠪᠦᠯᠦᠭ | ᠪᠤᠯᠵᠤ ᠬᠠᠭᠠᠨ ᠰᠠᠭᠤᠷᠢᠨ ᠢ ᠪᠤᠯᠢᠶᠠᠯᠳᠤᠵᠤ ᠬᠤᠷᠴᠠ ᠰᠢᠷᠦᠭᠦᠨ ᠲᠡᠮᠡᠴᠡᠯᠳᠦᠭᠰᠡᠨ ᠪᠠᠶᠢᠨ᠎ᠠ᠃ ᠪᠠᠲᠤ ᠡᠨᠡ ᠬᠦ | ᠲᠡᠮᠡᠴᠡᠯ ᠳᠤ ᠤᠷᠤᠯᠴᠠᠭᠰᠠᠨ ᠨᠢ ᠦᠪᠡᠷ ᠢᠶᠠᠨ ᠬᠠᠭᠠᠨ ᠰᠠᠭᠤᠷᠢᠨ ᠢ ᠤᠯᠬᠤ ᠶᠢᠨ ᠲᠦᠯᠦᠭᠡ ᠪᠢᠰᠢ ᠶᠤᠮ᠃ | ᠲᠡᠭᠦᠨ ᠤ ᠡᠮᠡᠭᠡ ᠡᠬᠡ ᠪᠦᠷᠲᠡ ᠬᠠᠲᠤᠨ ᠮᠡᠷᠬᠢᠳ ᠠᠶᠢᠮᠠᠭ ᠲᠤ ᠤᠯᠵᠠᠯᠠᠭᠳᠠᠭᠰᠠᠨ ᠤ ᠳᠠᠷᠠᠭ᠎ᠠ ᠵᠦᠴᠢ ᠶᠢ | ᠲᠦᠷᠦᠵᠡᠢ᠃ ᠡᠭᠦᠨ ᠤ ᠤᠯᠠᠮ ᠠᠴᠠ ᠴᠢᠩᠭᠢᠰ ᠬᠠᠭᠠᠨ ᠤ ᠠᠯᠲᠠᠨ ᠤᠷᠤᠭ ᠤᠨ ᠬᠢᠨ ᠵᠦᠴᠢ ᠶᠢ ᠮᠡᠷᠬᠢᠳ ᠤᠨ | ᠤᠷᠬᠢᠳᠠᠰᠤ ᠭᠡᠵᠦ ᠦᠵᠡᠳᠡᠭ ᠪᠢᠯᠡ᠃ ᠤᠯᠠᠨ ᠵᠢᠯ ᠤᠨ ᠲᠤᠷᠰᠢ ᠡᠨᠡ ᠬᠦ ᠨᠦᠯᠦᠭᠡ ᠨᠢ ᠦᠷᠭᠦᠯᠵᠢᠯᠡᠭᠰᠡᠭᠡᠷ | ᠢᠷᠡᠭᠰᠡᠨ ᠪᠤᠯᠬᠤᠷ ᠶᠡᠭᠡ ᠬᠠᠭᠠᠨ ᠤ ᠤᠷᠤ ᠵᠦᠴᠢ ᠶᠢᠨ ᠤᠭᠰᠠᠭ᠎ᠠ ᠳᠤ ᠰᠢᠯᠵᠢᠵᠦ ᠡᠰᠡ ᠴᠢᠳᠠᠬᠤ ᠶᠢ ᠪᠠᠲᠤ | ᠲᠤᠳᠤᠷᠬᠠᠢ ᠤᠶᠢᠯᠠᠭᠠᠵᠤ ᠪᠠᠶᠢᠬᠤ ᠶᠤᠮ᠃ | 1248 ᠤᠨ ᠤ ᠡᠬᠢ ᠪᠠᠷ ᠬᠦᠶᠦᠭ ᠬᠠᠭᠠᠨ ᠡᠪᠡᠳᠴᠢᠨ ᠢᠶᠠᠨ ᠰᠤᠪᠢᠯᠠᠬᠤ ᠪᠠᠷ ᠦᠪᠡᠷ ᠤᠨ ᠡᠵᠡᠮᠰᠢᠯ | ᠨᠤᠲᠤᠭ ᠡᠮᠢᠯ ᠵᠦᠭ ᠮᠤᠷᠢᠯᠠᠵᠠᠢ᠃ ᠡᠨᠡ ᠦᠶ᠎ᠡ ᠳᠤ ᠮᠦᠩᠬᠡ ᠶᠢᠨ ᠡᠬᠡ ᠰᠤᠷᠬᠠᠨᠳᠠᠨᠢ ᠬᠠᠲᠤᠨ ᠳᠠᠯᠳᠠᠭᠤᠷ | ᠪᠠᠲᠤ ᠶᠢᠨ ᠳᠡᠷᠭᠡᠳᠡ ᠡᠯᠴᠢ ᠲᠤᠮᠢᠯᠠᠨ ︽ᠰᠡᠷᠡᠮᠵᠢ ᠲᠠᠢ ᠪᠠᠶᠢᠭᠠᠷᠠᠢ︕︾ ᠭᠡᠵᠦ ᠬᠡᠯᠡᠭᠦᠯᠪᠡ᠃ ᠪᠠᠲᠤ ᠡᠨᠡ | ᠮᠡᠳᠡᠭᠡ ᠶᠢ ᠤᠯᠤᠭᠠᠳ ᠨᠡᠩ ᠢᠯᠡᠭᠦᠦ ᠬᠤᠷᠤᠰᠴᠤ᠂ ᠶᠡᠭᠡ ᠴᠡᠷᠢᠭ ᠳᠠᠶᠢᠴᠢᠯᠠᠨ ᠬᠦᠶᠦᠭ ᠢ ᠠᠮᠠᠳᠠᠨ ᠲᠤᠰᠬᠤ ᠪᠠᠷ | ᠵᠡᠭᠦᠨᠰᠢ ᠮᠤᠷᠳᠠᠪᠠ᠃ ᠢᠩᠬᠢᠭᠡᠳ ᠠᠯᠲᠠᠢ ᠠᠭᠤᠯᠠ ᠶᠢᠨ ᠡᠩᠭᠡᠷ ᠲᠡᠭᠷᠢ ᠠᠯᠠᠭ ᠲᠠᠭ ᠭᠡᠰᠡᠨ ᠭᠠᠵᠠᠷ ᠬᠦᠷᠴᠦ | ᠬᠦᠷᠢᠶ᠎ᠡ ᠪᠠᠭᠤᠭᠠᠳ ᠪᠠᠶᠢᠬᠤ ᠳᠤ ᠴᠢᠪ ᠭᠡᠮᠡᠨ ᠬᠠᠶᠢᠮᠢᠰᠢ ᠬᠠᠲᠤᠨ ᠤ ᠲᠤᠮᠢᠯᠠᠭᠰᠠᠨ ᠡᠯᠴᠢᠨ ᠬᠦᠶᠦᠭ ᠬᠠᠭᠠᠨ ᠤ | ᠨᠦᠭᠴᠢᠭᠰᠡᠨ ᠭᠠᠰᠢᠭᠤᠳᠠᠯ ᠤᠨ ᠮᠡᠳᠡᠭᠡ ᠶᠢ ᠤᠯᠠᠮᠵᠢᠯᠠᠭᠰᠠᠨ ᠪᠠᠶᠢᠨ᠎ᠠ᠃ ᠪᠠᠲᠤ ᠠᠬᠠᠮᠠᠳ ᠤᠨ ᠬᠤᠪᠢ ᠪᠠᠷ | ᠬᠠᠶᠢᠮᠢᠰᠢ ᠬᠠᠲᠤᠨ ᠤ ᠲᠦᠷ ᠲᠦᠷᠦ ᠵᠠᠰᠠᠬᠤ ᠶᠢ ᠵᠦᠪᠰᠢᠶᠡᠷᠡᠭᠰᠡᠨ ᠪᠤᠯᠪᠠᠴᠤ ᠡᠨᠡ ᠬᠦ ᠲᠤᠬᠢᠶᠠᠯ ᠢ ᠠᠰᠢᠭᠯᠠᠵᠤ | ᠬᠠᠭᠠᠨ ᠰᠠᠭᠤᠷᠢᠨ ᠢ ᠦᠭᠡᠳᠡᠢ ᠶᠢᠨ ᠤᠭᠰᠠᠭ᠎ᠠ ᠠᠴᠠ ᠲᠤᠯᠤᠢ ᠶᠢᠨ ᠤᠭᠰᠠᠭ᠎ᠠ ᠳᠤ ᠰᠢᠯᠵᠢᠭᠦᠯᠬᠦ ᠪᠠᠷ ᠡᠷᠡᠰ | ᠰᠢᠢᠳᠪᠡ᠃ | 1219 ᠤᠨ ᠳᠤ ᠴᠢᠩᠭᠢᠰ ᠬᠠᠭᠠᠨ ᠰᠠᠷᠲᠠᠭᠤᠯ ᠢ ᠳᠠᠶᠢᠯᠠᠬᠤ ᠪᠠᠷ ᠮᠤᠷᠳᠠᠬᠤ ᠶᠢᠨ ᠡᠮᠦᠨ᠎ᠡ ᠦᠭᠡᠳᠡᠢ ᠶᠢ | ᠬᠠᠭᠠᠨ ᠤᠷᠤ ᠶᠢᠨ ᠵᠠᠯᠭᠠᠮᠵᠢᠯᠠᠭᠴᠢ ᠪᠠᠷ ᠲᠤᠭᠲᠠᠭᠠᠵᠠᠢ᠃ ᠲᠤᠬᠠᠢ ᠶᠢᠨ ᠦᠶ᠎ᠡ ᠳᠤ ᠲᠡᠭᠦᠨ ᠤ ᠬᠡᠯᠡᠭᠰᠡᠨ ᠨᠢ᠄ ︽ | ᠦᠭᠡᠳᠡᠢ ᠶᠢᠨ ᠦᠷ᠎ᠡ ᠬᠡᠦᠬᠡᠳ ᠡᠪᠡᠰᠦᠨ ᠳᠤ ᠤᠷᠢᠶᠡᠪᠡᠴᠦ ᠦᠬᠡᠷ ᠲᠤᠭᠤᠵᠤ ᠢᠳᠡᠬᠦ ᠦᠭᠡᠢ᠂ ᠦᠭᠡᠬᠦᠨ ᠳᠤ | ᠪᠠᠭᠯᠠᠪᠠᠴᠤ ᠨᠤᠬᠠᠢ ᠲᠤᠭᠤᠵᠤ ᠢᠳᠡᠬᠦ ᠦᠭᠡᠢ ᠶᠠᠭᠤᠮ᠎ᠠ ᠲᠦᠷᠦᠪᠡᠰᠦ᠂ ᠮᠢᠨᠦ ᠤᠷᠤᠭ ᠲᠦᠷᠦᠯ ᠤᠨ ᠲᠤᠲᠤᠷ᠎ᠠ | ᠨᠢᠭᠡᠨ ᠬᠦᠪᠡᠭᠦᠨ ᠨᠢ ᠰᠠᠶᠢᠨ ᠲᠦᠷᠦᠬᠦ ᠦᠭᠡᠢ ᠦᠦ︾ ᠭᠡᠪᠡ᠃ ᠡᠨᠡ ᠦᠭᠡ ᠶᠢᠨ ᠤᠳᠬ᠎ᠠ ᠨᠢ ᠬᠠᠭᠠᠨᠲᠤ ᠮᠤᠩᠭᠤᠯ | ᠤᠯᠤᠰ ᠤᠨ ᠬᠠᠭᠠᠨ ᠤᠷᠤ ᠦᠭᠡᠳᠡᠢ ᠶᠢᠨ ᠤᠭᠰᠠᠭ᠎ᠠ ᠠᠴᠠ ᠰᠢᠯᠵᠢᠵᠦ ᠪᠤᠯᠤᠨ᠎ᠠ ᠭᠡᠰᠡᠨ ᠦᠭᠡ ᠮᠦᠨ ᠪᠢᠯᠡ᠃ | ᠦᠭᠡᠳᠡᠢ ᠬᠠᠭᠠᠨ ᠠᠮᠢᠳᠤ ᠰᠡᠷᠡᠭᠦᠨ ᠪᠠᠶᠢᠬᠤ ᠳᠠᠭᠠᠨ ᠰᠢᠷᠡᠮᠦᠨ ᠬᠢᠭᠡᠳ ᠮᠦᠩᠬᠡ ᠶᠢ ᠬᠠᠭᠠᠨ ᠤᠷᠤ ᠶᠢᠨ | ᠵᠠᠯᠭᠠᠮᠵᠢᠯᠠᠭᠴᠢ ᠪᠠᠷ ᠵᠢᠱᠢᠵᠦ ᠪᠠᠶᠢᠵᠠᠢ᠃ ᠴᠢᠩᠭᠢᠰ ᠬᠠᠭᠠᠨ ᠤ ᠬᠡᠯᠡᠭᠰᠡᠨ ᠦᠭᠡ ᠪᠠ ᠦᠭᠡᠳᠡᠢ ᠬᠠᠭᠠᠨ ᠤ ᠰᠢᠷᠡᠮᠦᠨ᠂ | ᠮᠦᠩᠬᠡ ᠬᠤᠶᠠᠭᠤᠯᠠ ᠶᠢ ᠵᠠᠯᠭᠠᠮᠵᠢᠯᠠᠭᠴᠢ ᠪᠠᠷ ᠵᠢᠱᠢᠭᠰᠡᠨ ᠶᠠᠪᠤᠳᠠᠯ ᠨᠢ ᠬᠤᠶᠠᠷ ᠪᠦᠯᠦᠭ ᠤᠨ ᠬᠤᠭᠤᠷᠤᠨᠳᠤ ᠪᠠᠨ | ᠬᠠᠭᠠᠨ ᠰᠠᠭᠤᠷᠢᠨ ᠢ ᠪᠤᠯᠢᠶᠠᠯᠳᠤᠬᠤ ᠪᠠᠲᠤ ᠦᠨᠳᠦᠰᠦ ᠪᠠᠷᠢᠮᠲᠠ ᠪᠤᠯᠤᠭᠰᠠᠨ ᠪᠠᠶᠢᠨ᠎ᠠ᠃ | ᠬᠠᠶᠢᠮᠢᠰᠢ ᠬᠠᠲᠤᠨ ᠤ ᠪᠦᠯᠦᠭ ᠤᠨ ᠬᠢᠨ ᠰᠢᠷᠡᠮᠦᠨ ᠪᠤᠯ ᠦᠭᠡᠳᠡᠢ ᠬᠠᠭᠠᠨ ᠤ ᠵᠠᠯᠭᠠᠮᠵᠢᠯᠠᠭᠴᠢ ᠪᠠᠷ ᠨᠡᠷ᠎ᠡ | ᠵᠢᠭᠠᠭᠳᠠᠭᠰᠠᠨ ᠬᠦᠮᠦᠨ ᠪᠤᠯᠬᠤᠷ ᠬᠠᠭᠠᠨ ᠢᠶᠠᠷ ᠡᠷᠭᠦᠮᠵᠢᠯᠡᠭᠳᠡᠬᠦ ᠨᠢ ᠤᠯᠠᠨ ᠤ ᠶᠤᠰᠤ ᠤᠷᠴᠢᠯᠠᠩ ᠤᠨ ᠵᠦᠢ ᠭᠡᠰᠡᠨ | ᠦᠵᠡᠯᠲᠡ ᠪᠠᠨ ᠦᠬᠦᠨ ᠪᠠᠷᠢᠮᠲᠠᠯᠠᠵᠠᠢ᠃ ᠭᠡᠲᠡᠯ᠎ᠡ ᠪᠠᠲᠤ ᠶᠢᠨ ᠡᠲᠡᠭᠡᠳ ᠤᠨ ᠬᠢᠨ ᠬᠡᠳᠦᠨ ᠵᠢᠯ ᠤᠨ ᠡᠮᠦᠨ᠎ᠡ ᠨᠡᠷ᠎ᠡ | ᠵᠢᠭᠠᠭᠳᠠᠭᠰᠠᠨ ᠦᠭᠡᠢ ᠬᠦᠶᠦᠭ ᠬᠠᠭᠠᠨ ᠢᠶᠠᠷ ᠡᠷᠭᠦᠮᠵᠢᠯᠡᠭᠳᠡᠭᠰᠡᠨ ᠨᠢ ᠦᠭᠡᠳᠡᠢ ᠬᠠᠭᠠᠨ ᠤ ᠭᠡᠷᠢᠶᠡᠰᠯᠡᠯ ᠢ | ᠵᠦᠷᠢᠴᠡᠭᠰᠡᠨ ᠶᠠᠪᠤᠳᠠᠯ ᠮᠦᠨ᠃ ᠮᠦᠩᠬᠡ ᠮᠦᠨ ᠴᠦ ᠦᠭᠡᠳᠡᠢ ᠬᠠᠭᠠᠨ ᠤ ᠵᠠᠯᠭᠠᠮᠵᠢᠯᠠᠭᠴᠢ ᠪᠠᠷ ᠨᠡᠷ᠎ᠡ | ᠵᠢᠭᠠᠭᠳᠠᠭᠰᠠᠨ ᠬᠦᠮᠦᠨ ᠲᠤᠯᠠ ᠶᠡᠭᠡ ᠬᠠᠭᠠᠨ ᠢᠶᠠᠷ ᠰᠤᠩᠭᠤᠭᠳᠠᠬᠤ ᠨᠢ ᠵᠦᠢ ᠶᠤᠰᠤᠨ ᠳᠤ ᠨᠡᠶᠢᠴᠡᠬᠦ ᠶᠤᠮ ᠭᠡᠵᠦ | ᠡᠷᠡᠰ ᠡᠰᠡᠷᠭᠦᠴᠡᠪᠡ᠃ ᠬᠤᠶᠠᠷ ᠪᠦᠯᠦᠭ ᠤᠨ ᠰᠠᠨᠠᠯ ᠶᠡᠷᠦ ᠨᠢ ᠨᠢᠭᠡᠳᠬᠦ ᠦᠭᠡᠢ ᠪᠠᠶᠢᠳᠠᠯ ᠳᠤᠤᠷ᠎ᠠ ᠪᠠᠲᠤ ᠶᠡᠭᠡ | ᠬᠤᠷᠠᠯ ᠬᠤᠷᠠᠯᠳᠤᠭᠤᠯᠵᠤ᠂ ︽ᠮᠦᠩᠬᠡ ᠪᠤᠯ ᠶᠢᠷᠲᠢᠨᠴᠦ ᠶᠢᠨ ᠰᠠᠶᠢᠨ ᠮᠠᠭᠤ ᠶᠢ ᠦᠵᠡᠵᠦ ᠬᠠᠮᠤᠭ ᠬᠡᠷᠡᠭ | ᠶᠠᠪᠤᠳᠠᠯ ᠤᠨ ᠠᠰᠢᠭ ᠵᠤᠪᠠᠯᠠᠩ ᠢ ᠠᠮᠰᠠᠨ᠂ ᠶᠠᠩᠵᠤ ᠪᠦᠷᠢ ᠶᠢᠨ ᠤᠷᠤᠨ ᠳᠤ ᠤᠯᠠᠨ ᠤᠳᠠᠭ᠎ᠠ ᠶᠡᠭᠡ ᠴᠡᠷᠢᠭ | ᠵᠠᠬᠢᠷᠤᠨ ᠪᠠᠶᠢᠯᠳᠤᠵᠤ ᠶᠠᠪᠤᠭᠰᠠᠨ ᠭᠠᠪᠢᠶ᠎ᠠ ᠵᠢᠳᠬᠦᠯ ᠶᠡᠬᠡᠲᠡᠢ᠂ ᠠᠪᠢᠶᠠᠰ ᠪᠢᠯᠢᠭ ᠲᠡᠭᠦᠯᠳᠡᠷ᠂ ᠡᠷᠡᠯᠬᠡᠭ ᠪᠠᠭᠠᠲᠤᠷ | ᠬᠠᠲᠠᠨ ᠵᠤᠷᠢᠭ ᠲᠠᠢ᠂ ᠤᠯᠠᠨ ᠠᠴᠠ ᠴᠤᠯᠭᠤᠷᠠᠭᠰᠠᠨ ᠰᠡᠴᠡᠨ ᠮᠡᠷᠭᠡᠨ ᠠᠷᠭ᠎ᠠ ᠪᠤᠳᠤᠯᠭ᠎ᠠ ᠲᠠᠢ ᠡᠷᠬᠢᠮ ᠬᠦᠨᠳᠦᠲᠦ | ᠬᠦᠮᠦᠨ ᠲᠤᠯᠠ ᠭᠠᠭᠴᠠ ᠬᠦ ᠲᠡᠭᠦᠨ ᠢ ᠬᠠᠭᠠᠨ ᠡᠷᠭᠦᠮᠵᠢᠯᠡᠪᠡᠯ ᠰᠠᠶ᠋ᠢ ᠮᠠᠨ ᠤ ᠡᠨᠡ ᠬᠦ ᠨᠠᠷᠠᠨ ᠮᠠᠨᠳᠤᠬᠤ ᠠᠴᠠ ᠨᠠᠷᠠᠨ | ᠵᠢᠷᠭᠠᠬᠤ ᠭᠠᠵᠠᠷ ᠬᠦᠷᠲᠡᠯᠡᠬᠢ ᠦᠷᠭᠡᠨ ᠠᠭᠤᠳᠠᠮ ᠤᠯᠤᠰ ᠭᠦᠷᠦᠨ ᠢ ᠲᠤᠬᠢᠲᠠᠢ ᠰᠠᠶᠢᠬᠠᠨ ᠵᠠᠰᠠᠵᠤ ᠴᠢᠳᠠᠨ᠎ᠠ᠃ | ᠲᠡᠭᠡᠪᠡᠯ ᠰᠠᠶ᠋ᠢ ᠲᠦᠷᠦ ᠤᠯᠤᠰ᠂ ᠴᠡᠷᠢᠭ ᠠᠷᠠᠳ᠂ ᠬᠠᠨ ᠬᠦᠪᠡᠭᠦᠳ ᠪᠢᠳᠡᠨ ᠤ ᠵᠤᠯ ᠵᠢᠷᠭᠠᠯ ᠪᠠᠲᠤᠯᠠᠭᠳᠠᠵᠤ | ᠳᠡᠶᠢᠯᠦᠨ᠎ᠡ︾ ᠭᠡᠵᠦ ᠲᠡᠭᠦᠨ ᠤ ᠶᠡᠭᠡ ᠬᠠᠭᠠᠨ ᠢᠶᠠᠷ ᠡᠷᠭᠦᠮᠵᠢᠯᠡᠭᠳᠡᠬᠦ ᠨᠦᠬᠦᠴᠡᠯ ᠰᠢᠯᠲᠠᠭᠠᠨ ᠢ ᠪᠦᠬᠦ ᠲᠠᠯ᠎ᠠ ᠪᠠᠷ | ᠳᠤᠷᠠᠳᠤᠭᠰᠠᠨ ᠢᠶᠠᠷ ᠦᠯᠦ ᠪᠠᠷᠠᠮ᠂ ᠪᠠᠰᠠ ᠵᠦᠪ ᠤᠨᠤᠪᠴᠢᠲᠠᠢ ᠦᠨᠡᠯᠡᠯᠲᠡ ᠬᠢᠭᠰᠡᠨ ᠪᠠᠶᠢᠨ᠎ᠠ᠃ ᠪᠠᠲᠤ ᠶᠢᠨ ᠡᠨᠡ | ᠬᠦ ᠰᠠᠨᠠᠯ ᠢ ᠬᠤᠷᠠᠯᠳᠤᠭᠠᠨ ᠳᠤ ᠤᠷᠤᠯᠴᠠᠭᠰᠠᠨ ᠠᠯᠲᠠᠨ ᠤᠷᠤᠭ ︵ᠬᠠᠶᠢᠮᠢᠰᠢ ᠬᠠᠲᠤᠨ ᠬᠢᠭᠡᠳ ᠲᠡᠭᠦᠨ ᠤ ᠬᠡᠳᠦᠨ | ᠬᠡᠦᠬᠡᠳ ᠨᠢ ᠤᠷᠤᠯᠴᠠᠭᠰᠠᠨ ᠦᠭᠡᠢ ᠪᠢᠯᠡ︶ ᠤᠨ ᠨᠤᠶᠠᠳ ᠪᠠ ᠲᠦᠷᠦ ᠶᠢᠨ ᠲᠦᠰᠢᠮᠡᠳ ᠰᠠᠨᠠᠯ ᠨᠢᠭᠡᠲᠡᠢ | ᠵᠦᠪᠰᠢᠶᠡᠷᠡᠵᠦ ᠮᠦᠩᠬᠡ ᠶᠢ ᠬᠠᠭᠠᠨ ᠡᠷᠭᠦᠮᠵᠢᠯᠡᠬᠦ ᠪᠠᠷ ᠪᠤᠯᠵᠠᠢ᠃ ᠬᠡᠳᠦᠶᠢᠪᠡᠷ ᠦᠭᠡᠳᠡᠢ᠂ ᠴᠠᠭᠠᠳᠠᠢ ᠶᠢᠨ ᠦᠷ᠎ᠡ | ᠠᠴᠢᠨᠠᠷ ᠤᠨ ᠪᠦᠯᠦᠭ ᠤᠨ ᠬᠢᠨ ᠴᠢᠩᠭ᠎ᠠ ᠡᠰᠡᠷᠭᠦᠴᠡᠯ ᠲᠠᠯᠪᠢᠭᠰᠠᠨ ᠪᠤᠯᠪᠠᠴᠤ ᠪᠠᠲᠤ ᠲᠦᠷᠦᠭᠦᠲᠡᠢ ᠵᠦᠴᠢ | ᠲᠤᠯᠤᠢ ᠶᠢᠨ ᠪᠦᠯᠦᠭ ᠤᠨ ᠬᠢᠨ ᠮᠦᠩᠬᠡ ᠶᠢ ᠶᠡᠭᠡ ᠬᠠᠭᠠᠨ ᠢᠶᠠᠷ ᠡᠷᠭᠦᠮᠵᠢᠯᠡᠬᠦ ᠲᠤᠭᠲᠠᠭᠠᠯ ᠢᠶᠠᠨ ᠦᠬᠦᠨ | ᠪᠠᠷᠢᠮᠲᠠᠯᠠᠪᠠ᠃ ᠢᠩᠭᠢᠭᠡᠳ ᠬᠤᠶᠠᠷ ᠪᠦᠯᠦᠭ ᠤᠨ ᠬᠤᠭᠤᠷᠤᠨᠳᠤᠬᠢ ᠬᠠᠭᠠᠨ ᠰᠠᠭᠤᠷᠢᠨ ᠪᠤᠯᠢᠶᠠᠯᠳᠤᠭᠰᠠᠨ ᠲᠡᠮᠡᠴᠡᠯ | ᠨᠢ ᠬᠡᠳᠦᠨ ᠵᠢᠯ ᠬᠤᠷᠴᠠ ᠰᠢᠷᠦᠭᠦᠨ ᠶᠠᠪᠤᠭᠳᠠᠵᠤ᠂ ᠡᠴᠦᠰ ᠲᠡᠭᠡᠨ ᠪᠠᠲᠤ ᠶᠢᠨ ᠪᠦᠯᠦᠭ ᠢᠯᠠᠭᠰᠠᠨ ᠪᠠᠶᠢᠨ᠎ᠠ᠃ | 1251 ᠤᠨ ᠤ ᠳᠤᠯᠤᠳᠤᠭᠠᠷ ᠰᠠᠷ᠎ᠠ ᠶᠢᠨ ᠨᠢᠭᠡᠨ ᠤ ᠡᠳᠦᠷ ᠮᠦᠩᠬᠡ ᠬᠠᠭᠠᠨᠲᠤ ᠮᠤᠩᠭᠤᠯ ᠤᠯᠤᠰ ᠤᠨ | ᠶᠡᠭᠡ ᠬᠠᠭᠠᠨ ᠢᠶᠠᠷ ᠡᠷᠭᠦᠮᠵᠢᠯᠡᠭᠳᠡᠪᠡ᠃ ᠶᠤᠰᠤᠯᠠᠯ ᠨᠢ ᠦᠪᠡᠳᠡᠭᠰᠢ ᠶᠡᠭᠡ ᠪᠠᠷ ᠶᠠᠪᠤᠭᠳᠠᠵᠤ᠂ ᠪᠦᠬᠦᠯᠢ ᠳᠤᠯᠤᠭᠠᠨ | ᠰᠦᠨᠢ ᠳᠤᠯᠤᠭᠠᠨ ᠡᠳᠦᠷ ᠦᠷᠭᠦᠯᠵᠢᠯᠡᠵᠡᠢ᠃ | ᠦᠭᠡᠳᠡᠢ᠂ ᠴᠠᠭᠠᠳᠠᠢ ᠶᠢᠨ ᠦᠷ᠎ᠡ ᠠᠴᠢᠨᠠᠷ ᠤᠨ ᠪᠦᠯᠦᠭ ᠤᠨ ᠬᠢᠨ ᠢᠯᠠᠭᠳᠠᠯ ᠳᠠᠭᠠᠨ ᠵᠢᠷᠦᠬᠡ ᠨᠢ | ᠦᠬᠦᠭᠰᠡᠨ ᠦᠭᠡᠢ ᠶᠤᠮ᠃ ᠲᠡᠳᠡᠨᠦᠰ ᠬᠤᠪᠢᠰᠤᠯ ᠭᠠᠷᠭᠠᠬᠤ ᠪᠠᠷ ᠬᠤᠤᠪᠢᠯᠳᠤᠵᠤ᠂ ᠡᠴᠦᠰ ᠲᠡᠭᠡᠨ ᠮᠦᠩᠬᠡ | ᠬᠠᠭᠠᠨ ᠳᠤ ᠰᠡᠷᠡᠭᠳᠡᠭᠡᠳ ᠴᠦᠮ ᠪᠠᠷᠢᠭᠳᠠᠪᠠ᠃ ᠬᠠᠶᠢᠮᠢᠰᠢ ᠬᠠᠲᠤᠨ ᠬᠢᠭᠡᠳ ᠰᠢᠷᠡᠮᠦᠨ ᠤ ᠡᠬᠡ ᠬᠠᠳᠠᠭᠴᠢ | ᠬᠠᠲᠤᠨ ᠢ ᠭᠤᠤᠯ ᠳᠤ ᠬᠠᠶᠠᠵᠤ ᠴᠠᠴᠠᠭᠠᠨ ᠠᠯᠠᠵᠤ᠂ ᠰᠢᠷᠡᠮᠦᠨ᠂ ᠨᠤᠬᠤ ᠬᠤᠶᠠᠷ ᠢ ᠨᠠᠰᠤ ᠪᠠᠭ᠎ᠠ ᠮᠡᠳᠡᠯᠭᠡ | ᠲᠤᠲᠠᠮᠠᠭ ᠭᠡᠵᠦ ᠠᠯᠠᠭᠰᠠᠨ ᠦᠭᠡᠢ ᠰᠢᠷ᠎ᠠ ᠭᠤᠷᠤᠬᠠᠨ ᠭᠡᠳᠡᠭ ᠭᠠᠵᠠᠷ ᠬᠤᠷᠢᠭᠰᠠᠨ ᠪᠠᠶᠢᠨ᠎ᠠ᠃ ᠬᠠᠮᠲᠤ ᠬᠡᠷᠡᠭ ᠲᠤ | ᠬᠤᠯᠪᠤᠭᠳᠠᠭᠰᠠᠨ ᠳᠠᠯᠠᠨ ᠬᠦᠮᠦᠨ ᠢ ᠦᠬᠦᠬᠦ ᠶᠠᠯ᠎ᠠ ᠪᠠᠷ ᠰᠢᠢᠳᠬᠡᠵᠡᠢ᠃ ᠢᠩᠭᠢᠭᠡᠳ ᠦᠭᠡᠳᠡᠢ ᠬᠠᠭᠠᠨ ᠤ ᠡᠵᠡᠮᠰᠢᠯ | ᠨᠤᠲᠤᠭ ᠢ ᠬᠡᠰᠡᠭᠯᠡᠨ ᠬᠤᠪᠢᠶᠠᠵᠤ᠂ ᠦᠷ᠎ᠡ ᠠᠴᠢᠨᠠᠷ ᠲᠤ ᠨᠢ ᠬᠤᠪᠢᠳᠠᠵᠤ ᠦᠭᠭᠦᠭᠡᠳ ︽ᠦᠭᠡᠳᠡᠢ ᠬᠠᠨ ᠤᠯᠤᠰ︾ | ᠢ ᠨᠡᠷ᠎ᠡ ᠨᠢ ᠪᠠᠶᠢᠭᠠᠳ ᠨᠢᠳᠡᠷ ᠨᠢ ᠦᠭᠡᠢ ᠪᠤᠯᠲᠠᠯ᠎ᠠ ᠰᠠᠷᠨᠢᠭᠤᠯᠪᠠ᠃ ᠦᠭᠡᠳᠡᠢ ᠶᠢᠨ ᠪᠦᠯᠦᠭ ᠤᠨ ᠭᠤᠤᠯᠯᠠᠬᠤ | ᠡᠲᠡᠭᠡᠳ ᠪᠤᠯᠬᠤ ᠴᠠᠭᠠᠳᠠᠢ ᠬᠠᠨ ᠤ ᠬᠦᠪᠡᠭᠦᠨ ᠶᠢᠰᠦᠮᠦ᠋ᠩᠬᠡ ᠬᠢᠭᠡᠳ ᠤᠮᠪᠤᠯᠤ ᠪᠦᠷᠢ ᠶᠢ ᠪᠠᠷᠢᠪᠴᠢᠯᠠᠵᠤ ᠠᠯᠠᠭᠠᠳ᠂ | ᠴᠠᠭᠠᠳᠠᠢ ᠶᠢᠨ ᠤᠮᠪᠤᠯᠤ ᠬᠠᠷ᠎ᠠ ᠦᠯᠡᠬᠦ ᠶᠢ ᠴᠠᠭᠠᠳᠠᠢ ᠬᠠᠨ ᠤᠯᠤᠰ ᠤᠨ ᠡᠵᠡᠨ ᠪᠤᠯᠭᠠᠵᠠᠢ᠃ ᠪᠠᠰᠠ | ᠶᠢᠰᠦᠮᠦ᠋ᠩᠬᠡ ᠶᠢᠨ ᠳᠤᠤᠷᠠᠬᠢ ᠰᠠᠶᠢᠳ ᠲᠦᠰᠢᠮᠡᠳ ᠢ ᠴᠦᠮ ᠠᠯᠠᠭᠰᠠᠨ ᠪᠠᠶᠢᠨ᠎ᠠ᠃ ᠢᠩᠭᠢᠭᠡᠳ ᠮᠦᠩᠬᠡ ᠬᠠᠭᠠᠨ | ᠴᠠᠭᠠᠳᠠᠢ᠂ ᠦᠭᠡᠳᠡᠢ ᠶᠢᠨ ᠪᠦᠯᠦᠭ ᠤᠨ ᠬᠢᠨ ᠢ ᠳᠠᠷᠤᠩᠭᠤᠶᠢᠯᠠᠭᠠᠳ᠂ ᠰᠠᠮᠠᠭᠤᠷᠠᠯ ᠢ ᠲᠦᠪᠰᠢᠳᠬᠡᠵᠦ ᠦᠪᠡᠷ ᠤᠨ | ᠨᠤᠶᠠᠷᠬᠠᠬᠤ ᠪᠠᠶᠢᠷᠢ ᠪᠠᠨ ᠪᠠᠬᠢᠵᠢᠭᠦᠯᠵᠦ ᠴᠢᠳᠠᠵᠠᠢ᠃ | ᠦᠭᠡᠳᠡᠢ ᠬᠠᠭᠠᠨ ᠨᠠᠰᠤ ᠨᠦᠭᠴᠢᠭᠰᠡᠨ ᠠᠴᠠ ᠢᠨᠠᠭᠰᠢ ᠬᠠᠭᠠᠨ ᠤᠷᠤ ᠠᠷᠪᠠᠨ ᠬᠡᠳᠦᠨ ᠵᠢᠯ ᠬᠤᠭᠤᠰᠤᠨ | ᠪᠠᠶᠢᠪᠠ᠃ ᠡᠭᠦᠨ ᠤ ᠤᠯᠠᠮ ᠠᠴᠠ ᠤᠯᠤᠰ ᠭᠦᠷᠦᠨ ᠨᠢᠭᠡᠳᠦᠯ ᠢᠶᠠᠨ ᠠᠯᠳᠠᠵᠤ᠂ ᠡᠮᠬᠢ ᠵᠠᠮᠪᠠᠷᠠᠭ᠎ᠠ ᠦᠭᠡᠢ | ᠪᠠᠶᠢᠳᠠᠯ ᠳᠤ ᠤᠷᠤᠭᠰᠠᠨ ᠪᠢᠯᠡ᠃ ᠮᠦᠩᠬᠡ ᠬᠠᠭᠠᠨ ᠡᠨᠡ ᠬᠦ ᠬᠡᠪ ᠤᠨ ᠪᠤᠰᠤ ᠪᠠᠶᠢᠳᠠᠯ ᠢ ᠦᠭᠡᠷᠡᠴᠢᠯᠡᠵᠦ | ᠲᠦᠷᠦ ᠶᠢᠨ ᠡᠷᠬᠡ ᠶᠢ ᠲᠦᠪ ᠲᠤ ᠲᠦᠪᠯᠡᠷᠡᠭᠦᠯᠬᠦ ᠶᠢᠨ ᠲᠦᠯᠦᠭᠡ᠂ ᠤᠯᠤᠰ ᠲᠦᠷᠦ ᠪᠠ ᠵᠤᠬᠢᠶᠠᠨ | ᠪᠠᠶᠢᠭᠤᠯᠤᠯᠲᠠ ᠶᠢᠨ ᠲᠠᠯ᠎ᠠ ᠪᠠᠷ ᠬᠦᠴᠦᠲᠡᠢ ᠠᠷᠭ᠎ᠠ ᠬᠡᠮᠵᠢᠶ᠎ᠡ ᠠᠪᠴᠤ᠂ ᠴᠡᠷᠢᠭ ᠤᠨ ᠶᠠᠪᠤᠳᠠᠯ ᠪᠠ ᠵᠠᠰᠠᠭ | ᠵᠠᠬᠢᠷᠭ᠎ᠠ ᠶᠢᠨ ᠪᠠᠶᠢᠭᠤᠯᠤᠮᠵᠢ ᠶᠢ ᠨᠢᠵᠡᠭᠡᠳ ᠵᠤᠬᠢᠶᠠᠨ ᠪᠠᠶᠢᠭᠤᠯᠵᠤ᠂ ᠨᠠᠶᠢᠳᠠᠪᠤᠷᠢᠲᠠᠢ ᠪᠦᠭᠡᠳ ᠴᠢᠳᠠᠪᠤᠷᠢᠲᠠᠢ | ᠬᠦᠮᠦᠰ ᠢ ᠰᠤᠩᠭᠤᠨ ᠲᠤᠬᠢᠷᠠᠭᠤᠯᠵᠠᠢ᠃ ᠬᠠᠭᠠᠨᠲᠤ ᠮᠤᠩᠭᠤᠯ ᠤᠯᠤᠰ ᠤᠨ ᠡᠮᠦᠨᠡᠲᠦ ᠬᠡᠰᠡᠭ ᠢ ᠤᠮᠠᠷᠠᠲᠤ | ᠬᠢᠲᠠᠳ ᠢᠶᠠᠷ ᠭᠤᠤᠯ ᠪᠤᠯᠭᠠᠭᠠᠳ ᠵᠡᠭᠦᠨ ᠭᠠᠷ ᠭᠡᠵᠦ ᠳᠡᠭᠦᠦ ᠬᠤᠪᠢᠯᠠᠢ ᠳᠠᠭᠠᠨ ᠳᠠᠭᠠᠭᠠᠯᠭᠠᠵᠤ᠂ ᠢᠷᠡᠨ ᠪᠤᠯᠤᠨ | ᠲᠡᠭᠦᠨ ᠤ ᠤᠷᠴᠢᠨ ᠲᠤᠭᠤᠷᠢᠨ ᠢ ᠪᠠᠷᠠᠭᠤᠨ ᠭᠠᠷ ᠭᠡᠵᠦ ᠳᠡᠭᠦᠦ ᠦᠯᠡᠬᠦ ᠪᠠᠷ ᠵᠠᠬᠢᠷᠤᠭᠤᠯᠪᠠ᠃ ᠡᠭᠦᠨ ᠠᠴᠠ | ᠪᠤᠰᠤᠳ ᠭᠠᠵᠠᠷ ᠲᠤ ᠪᠠᠰᠠ ᠰᠠᠶᠢᠳ ᠲᠦᠰᠢᠮᠡᠳ ᠲᠤᠮᠢᠯᠠᠵᠤ ᠡᠵᠡᠮᠰᠢᠯ ᠢᠶᠠᠨ ᠴᠢᠩᠭᠠᠳᠬᠠᠵᠠᠢ᠃ ᠠᠵᠤ ᠠᠬᠤᠢ ᠶᠢᠨ | ᠲᠠᠯ᠎ᠠ ᠪᠠᠷ ᠨᠤᠶᠠᠳ ᠲᠦᠰᠢᠮᠡᠳ ᠤᠨ ᠳᠤᠷ᠎ᠠ ᠪᠠᠷ ᠢᠶᠠᠨ ᠠᠯᠪᠠ ᠭᠤᠪᠴᠢᠭᠤᠷ ᠲᠠᠲᠠᠪᠤᠷᠢᠯᠠᠬᠤ ᠪᠠ ᠶᠤᠰᠤ ᠪᠤᠰᠤ ᠪᠠᠷ | ᠦᠷᠲᠡᠭᠡ ᠤᠯᠠᠭ᠎ᠠ ᠬᠡᠷᠡᠭᠯᠡᠬᠦ ᠶᠢ ᠬᠤᠷᠢᠭᠯᠠᠨ ᠵᠤᠭᠰᠤᠭᠠᠭᠠᠳ᠂ ᠠᠷᠠᠳ ᠢᠷᠭᠡᠳ ᠤᠨ ᠡᠭᠦᠷᠭᠡ ᠳᠠᠷᠤᠭᠠᠰᠤ ᠶᠢ | ᠬᠦᠩᠭᠡᠯᠡᠪᠡ᠃ | ᠦᠭᠡᠳᠡᠢ ᠬᠠᠭᠠᠨ ᠨᠠᠰᠤ ᠪᠠᠷᠠᠭᠰᠠᠨ ᠠᠴᠠ ᠬᠤᠶᠢᠰᠢ᠂ ᠬᠠᠭᠠᠨᠲᠤ ᠮᠤᠩᠭᠤᠯ ᠤᠯᠤᠰ ᠤᠨ ᠨᠤᠶᠠᠷᠬᠠᠭᠴᠢ | ᠠᠩᠭᠢ ᠦᠪᠡᠷ ᠵᠠᠭᠤᠷ᠎ᠠ ᠪᠠᠨ ᠡᠷᠬᠡ ᠪᠤᠯᠢᠶᠠᠯᠳᠤᠨ ᠲᠡᠮᠡᠴᠡᠯᠳᠦᠭᠰᠡᠨ ᠠᠴᠠ ᠡᠮᠦᠨᠡᠲᠦ ᠰᠦᠩ ᠤᠯᠤᠰ ᠪᠠ | ᠦᠷᠦᠨᠡᠳᠠᠬᠢᠨ ᠢ ᠳᠠᠶᠢᠯᠠᠬᠤ ᠳᠠᠶᠢᠨ ᠨᠢ ᠵᠤᠭᠰᠤᠩᠭᠤᠶᠢᠷᠠᠬᠤ ᠪᠠᠶᠢᠳᠠᠯ ᠳᠤ ᠤᠷᠤᠭᠰᠠᠨ ᠶᠤᠮ᠃ ᠮᠦᠩᠬᠡ ᠬᠠᠭᠠᠨ | ᠲᠤᠲᠤᠭᠠᠳᠤ ᠪᠠᠨ ᠴᠡᠭᠴᠡᠯᠡᠨ ᠲᠦᠷᠦ ᠪᠠᠨ ᠲᠦᠪᠰᠢᠷᠡᠭᠦᠯᠦᠮᠡᠭᠴᠡ ᠭᠠᠳᠠᠭᠰᠢ ᠳᠦᠷᠢᠬᠦ ᠳᠠᠶᠢᠨ ᠤ ᠪᠡᠯᠡᠳᠬᠡᠯ ᠢᠶᠠᠨ | ᠱᠠᠯᠠᠪᠳᠠᠨ ᠬᠢᠵᠦ ᠡᠬᠢᠯᠡᠵᠡᠢ᠃ | 1252 ᠤᠨ ᠳᠤ ᠮᠦᠩᠬᠡ ᠬᠠᠭᠠᠨ ᠳᠡᠭᠦᠦ ᠦᠯᠡᠬᠦ ᠪᠤᠯᠤᠨ ᠰᠦᠪᠡᠭᠡᠳᠡᠢ ᠳᠤ ᠠᠷᠪᠠᠨ ᠬᠤᠶᠠᠷ ᠲᠦᠮᠡᠨ | ᠮᠤᠩᠭᠤᠯ ᠴᠡᠷᠢᠭ ᠦᠭᠴᠦ ᠪᠠᠷᠠᠭᠤᠨᠰᠢ ᠳᠠᠶᠢᠯᠠᠬᠤ ᠪᠠᠷ ᠮᠤᠷᠳᠠᠭᠤᠯᠪᠠ᠃ ᠦᠯᠡᠬᠦ ᠵᠢᠷᠭᠤᠭᠠᠨ ᠵᠢᠯ ᠰᠢᠬᠠᠮ ᠳᠠᠶᠢᠨ | ᠬᠢᠵᠦ ᠢᠷᠠᠨ᠂ ᠪᠠᠭᠳᠠᠳ᠋ ᠬᠤᠶᠠᠷ ᠤᠯᠤᠰ ᠢ ᠮᠦᠬᠦᠭᠡᠭᠡᠳ ᠢᠯ ᠬᠠᠭᠠᠨᠲᠤ ᠤᠯᠤᠰ ᠢ ᠪᠠᠶᠢᠭᠤᠯᠵᠠᠢ᠃ | 1252 ᠤᠨ ᠳᠤ ᠮᠦᠩᠬᠡ ᠬᠠᠭᠠᠨ ᠳᠡᠭᠦᠦ ᠬᠤᠪᠢᠯᠠᠢ ᠪᠠ ᠶᠡᠭᠡ ᠦᠷᠯᠦᠭ ᠤᠷᠢᠶᠠᠩᠬᠠᠲᠠᠢ ᠳᠤ ᠠᠷᠪᠠᠨ | ᠲᠦᠮᠡᠨ ᠶᠡᠭᠡ ᠴᠡᠷᠢᠭ ᠦᠭᠴᠦ ᠳ᠋ᠠᠯᠢ ᠤᠯᠤᠰ ᠢ ᠳᠠᠶᠢᠯᠠᠬᠤ ᠪᠠᠷ ᠮᠤᠷᠳᠠᠭᠤᠯᠪᠠ᠃ 1252 ᠤᠨ ᠠᠴᠠ 1258 | ᠤᠨ ᠬᠦᠷᠲᠡᠯ᠎ᠡ ᠬᠤᠪᠢᠯᠠᠢ ᠪᠠ ᠤᠷᠢᠶᠠᠩᠬᠠᠲᠠᠢ ᠶᠢᠨ ᠳᠠᠶᠢᠴᠢᠯᠠᠭᠰᠠᠨ ᠶᠡᠭᠡ ᠴᠡᠷᠢᠭ ᠤᠯᠠᠨ ᠤᠳᠠᠭ᠎ᠠ ᠶᠢᠨ ᠬᠤᠷᠴᠠ | ᠰᠢᠷᠦᠭᠦᠨ ᠪᠠᠶᠢᠯᠳᠤᠭᠠᠨ ᠢ ᠦᠩᠭᠡᠷᠡᠭᠡᠵᠦ ᠳ᠋ᠠᠯᠢ ᠤᠯᠤᠰ ᠢ ᠮᠦᠬᠦᠭᠡᠵᠦ᠂ ᠲᠦᠪᠡᠳ ᠢ ᠪᠠᠶᠢᠯᠳᠤᠨ ᠳᠠᠭᠠᠭᠤᠯᠵᠤ᠂ | ᠵᠢᠶᠤᠤ ᡁᠢ ᠤᠯᠤᠰ ᠢ ᠪᠠᠭᠤᠯᠭᠠᠵᠤ ᠠᠪᠴᠠᠢ᠃ | 1254 ᠤᠨ ᠳᠤ ᠮᠦᠩᠬᠡ ᠬᠠᠭᠠᠨ ᠡᠸᠦ᠋ᠷᠦᠫᠡ ᠶᠢᠨ ᠹᠠᠷᠠᠨᠺ ᠤᠨ ᠯᠦᠢᠰ ᠸᠠᠩ ᠠᠴᠠ ᠮᠤᠩᠭᠤᠯ | ᠤᠯᠤᠰ ᠲᠤ ᠲᠤᠮᠢᠯᠠᠵᠤ ᠢᠷᠡᠭᠦᠯᠦᠭᠰᠡᠨ ᠸᠢᠯᠢᠶᠠᠮ ᠷᠦᠪᠷᠦ᠋ᠭ ᠭᠡᠯᠦᠩ ᠢ ᠤᠷᠢᠳ ᠬᠤᠵᠢᠳ ᠬᠤᠶᠠᠷ ᠤᠳᠠᠭ᠎ᠠ | ᠬᠦᠯᠢᠶᠡᠨ ᠠᠪᠴᠤ ᠠᠭᠤᠯᠵᠠᠭᠰᠠᠨ ᠪᠢᠯᠡ᠃ ︽ᠸᠢᠯᠢᠶᠠᠮ ᠷᠦᠪᠷᠦ᠋ᠭ ᠤᠨ ᠵᠢᠭᠤᠯᠴᠢᠯᠠᠯ ᠤᠨ ᠲᠡᠮᠳᠡᠭᠯᠡᠯ︾ ᠭᠡᠳᠡᠭ | ᠵᠤᠬᠢᠶᠠᠯ ᠳᠠᠭᠠᠨ ᠮᠦᠩᠬᠡ ᠬᠠᠭᠠᠨ ᠳᠤ ᠪᠠᠷᠠᠯᠬᠠᠭᠰᠠᠨ ᠪᠠᠶᠢᠳᠠᠯ ᠢᠶᠠᠨ ᠪᠢᠴᠢᠭᠰᠡᠨ ᠨᠢ᠄ | ︽ᠮᠠᠩᠭᠤ ︵ᠮᠦᠩᠬᠡ︶ ᠬᠠᠭᠠᠨ ᠡᠭᠡᠭᠡ ᠤᠰᠤᠨ ᠢᠷᠪᠢᠰ ᠤᠨ ᠠᠷᠠᠰᠤ ᠮᠡᠲᠦ ᠲᠤᠯᠪᠤᠲᠠᠢ ᠦᠵᠡᠰᠬᠦᠯᠡᠩ | ᠰᠠᠶᠢᠬᠠᠨ ᠨᠡᠬᠡᠢ ᠳᠡᠪᠡᠯ ᠡᠮᠦᠰᠦᠭᠡᠳ ᠤᠷᠤ ᠳᠡᠭᠡᠷ᠎ᠡ ᠪᠠᠨ ᠰᠠᠭᠤᠵᠤ ᠪᠠᠶᠢᠯ᠎ᠠ᠃ ᠲᠡᠷᠡ ᠪᠤᠯ ᠳᠦᠴᠢᠨ ᠲᠠᠪᠤᠨ | ᠨᠠᠰᠤᠲᠠᠢ᠂ ᠮᠢᠯᠳᠠᠭᠠᠷᠬᠠᠨ ᠬᠠᠮᠠᠷ ᠲᠠᠢ᠂ ᠳᠤᠮᠳᠠ ᠶᠢᠨ ᠪᠡᠶ᠎ᠡ ᠲᠠᠢ ᠬᠦᠮᠦᠨ ᠶᠤᠮ᠃ ᠵᠠᠯᠠᠭᠤ ᠬᠠᠲᠤᠨ ᠨᠢ ᠵᠡᠭᠦᠨ | ᠲᠠᠯ᠎ᠠ ᠳᠤᠨᠢ ᠤᠶᠢᠷᠠᠬᠠᠨ ᠰᠠᠭᠤᠵᠤ᠂ ᠲᠡᠭᠦᠨ ᠤ ᠳᠠᠷᠠᠭᠠᠴᠢ ᠨᠢ ᠼᠠᠷᠢᠨᠠ ᠭᠡᠳᠡᠭ ᠨᠢᠭᠡᠨ ᠰᠦᠷᠡᠬᠡᠢ ᠮᠠᠭᠤᠬᠠᠢ ᠵᠢᠰᠦ | ᠲᠠᠢ ᠭᠡᠷᠯᠡᠭᠡᠳᠦᠢ ᠦᠬᠢᠨ ᠰᠠᠭᠤᠭᠰᠠᠨ ᠪᠠᠶᠢᠬᠤ ᠪᠦᠭᠡᠳ ᠲᠡᠭᠦᠨ ᠤ ᠠᠷᠤ ᠳᠤᠨᠢ ᠮᠦᠨ ᠢᠭᠢᠯᠬᠡᠨ ᠰᠠᠭᠤᠳᠠᠯ ᠳᠡᠭᠡᠷ᠎ᠡ | ᠬᠡᠦᠬᠡᠳ ᠪᠠᠷ᠎ᠠ ᠪᠤᠯᠤᠨ ᠰᠠᠭᠤᠵᠠᠭᠠᠵᠠᠢ ᠁ ᠮᠠᠩᠭᠤ ᠬᠠᠭᠠᠨ ᠲᠡᠷᠡ ᠡᠮᠡᠭᠲᠡᠢ ᠶᠢ ᠲᠤᠶᠢᠯ ᠢᠶᠠᠷ ᠰᠠᠨᠠᠵᠤ | ᠬᠠᠶᠢᠷᠠᠯᠠᠳᠠᠭ ᠪᠠᠶᠢᠭᠰᠠᠨ ᠪᠦᠭᠡᠳ ᠦᠨᠦᠬᠢ ᠡᠨᠡ ᠦᠬᠢᠨ ᠪᠤᠯ ᠲᠡᠷᠡ ᠡᠮᠡᠭᠲᠡᠢ ᠠᠴᠠ ᠲᠦᠷᠦᠭᠰᠡᠨ ᠶᠤᠮᠰᠠᠨᠵᠠᠢ᠃ | ᠮᠠᠩᠭᠤ ᠬᠠᠭᠠᠨ ᠲᠡᠭᠦᠨ ᠤ ᠳᠠᠷᠠᠭ᠎ᠠ ᠨᠢ ᠰᠠᠶ᠋ᠢ ᠦᠨᠦᠬᠢ ᠡᠨᠡ ᠵᠠᠯᠠᠭᠤ ᠬᠠᠲᠤᠨ ᠲᠠᠢ ᠪᠠᠨ ᠤᠷᠤᠭᠯᠠᠭᠰᠠᠨ ᠶᠤᠮ | ᠪᠠᠶᠢᠨ᠎ᠠ᠃ ᠭᠡᠲᠡᠯ᠎ᠡ ᠲᠡᠷᠡ ᠦᠬᠢᠨ ᠡᠨᠡ ᠤᠷᠳᠤᠨ ᠳᠤ ᠬᠠᠲᠤᠨ ᠠᠴᠠ ᠢᠯᠡᠭᠦᠦ ᠡᠷᠬᠡ ᠮᠡᠳᠡᠯ ᠲᠠᠢ ᠪᠠᠶᠢᠳᠠᠭ ᠠᠵᠢ᠃ | | ᠵᠠ ᠲᠡᠭᠡᠭᠡᠳ ᠶᠡᠭᠡ ᠬᠠᠭᠠᠨ ᠪᠢᠳᠡᠨ ᠢ ᠶᠠᠭᠤ ᠤᠤᠭᠤᠬᠤ ᠳᠤᠷ᠎ᠠ ᠲᠠᠢ ᠪᠤᠢ︖ ᠦᠵᠦᠮ ᠤᠨ ᠠᠷᠢᠬᠢ᠂ | ᠲᠧᠷᠡᠽᠢᠨ ︵ᠳᠠᠷᠠᠰᠤᠨ︶ ᠠᠷᠢᠬᠢ ᠪᠤᠶᠤ ᠪᠤᠳᠠᠭᠠᠨ ᠤ ᠠᠷᠢᠬᠢ᠂ ᠬᠠᠷ᠎ᠠ ᠺᠦᠮᠢᠰ᠂ ᠪᠠᠯᠲᠤ ᠠᠷᠢᠬᠢ ᠵᠡᠷᠭᠡ ᠠᠴᠠ | ᠠᠯᠢ ᠶᠢ ᠨᠢ ᠤᠤᠭᠤᠬᠤ ᠳᠤᠷ᠎ᠠ ᠲᠠᠢ ᠪᠤᠢ︖ ᠭᠡᠵᠦ ᠪᠤᠰᠤᠳ ᠬᠦᠮᠦᠨ ᠢᠶᠠᠷ ᠳᠠᠮᠵᠢᠭᠤᠯᠤᠨ ᠠᠰᠠᠭᠤᠪᠠ᠃ ᠲᠡᠳᠡ | ᠨᠠᠷ ᠪᠤᠯ ᠡᠪᠦᠯ ᠳᠡᠭᠡᠨ ᠡᠶᠢᠮᠦ ᠳᠦᠷᠪᠡᠨ ᠵᠦᠢᠯ ᠤᠨ ᠤᠮᠳᠠᠭᠠᠨ ᠢ ᠤᠤᠭᠤᠵᠤ ᠡᠳ᠋ᠯᠡᠳᠡᠭ ᠠᠵᠢ᠃ ᠲᠡᠭᠡᠬᠦᠯᠡᠷ ᠨᠢ ᠪᠢ | ᠄ ︿ᠪᠢᠳᠡᠨ ᠪᠤᠯ ᠠᠷᠢᠬᠢ ᠰᠢᠯᠢᠵᠦ ᠤᠤᠭᠤᠳᠠᠭ ᠤᠯᠤᠰ ᠪᠢᠰᠢ ᠶᠤᠮ᠃ ᠠᠯᠢ ᠨᠢ ᠪᠤᠯᠪᠠᠴᠤ ᠡᠷᠬᠢᠮ ᠲᠠᠨ ᠤ ᠲᠠᠭᠠᠯᠠᠯ | ᠲᠠᠢ ᠵᠦᠢᠯ ᠠᠴᠠ ᠯᠡ ᠠᠮᠰᠠᠵᠤ ᠬᠦᠷᠲᠡᠬᠦ ᠶᠢ ᠬᠦᠰᠡᠵᠦ ᠪᠠᠶᠢᠨ᠎ᠠ﹀ ᠭᠡᠵᠦ ᠬᠠᠷᠢᠭᠤᠯᠪᠠ᠃ ᠢᠩᠭᠢᠬᠦᠯᠡᠷ ᠮᠠᠩᠭᠤ | ᠬᠠᠭᠠᠨ ᠪᠢᠳᠡᠨ ᠳᠤ ᠲᠧᠷᠡᠽᠢᠨ ᠠᠴᠠ ᠪᠠᠨ ᠬᠡᠮᠨᠡᠭᠦᠯᠵᠦ ᠦᠭᠪᠡ᠃ ᠦᠨᠦᠬᠢ ᠨᠢ ᠴᠡᠭᠡᠨ ᠲᠤᠩᠭᠠᠯᠠᠭ ᠮᠦᠷᠲᠡᠭᠡᠨ | ᠴᠠᠭᠠᠨ ᠦᠵᠦᠮ ᠤᠨ ᠠᠷᠢᠬᠢ ᠮᠡᠲᠦ ᠠᠩᠭᠢᠯᠤᠭᠤᠨ ᠰᠠᠶᠢᠬᠠᠨ ᠦᠨᠦᠷᠲᠡᠢ ᠶᠤᠮ ᠪᠢᠯᠡ᠃ ᠪᠢᠳᠡᠨᠠᠷ ᠶᠡᠭᠡ ᠬᠠᠭᠠᠨ ᠳᠤ | ᠶᠤᠰᠤ ᠮᠡᠨᠳᠦᠴᠢᠯᠡᠯ ᠢᠶᠠᠨ ᠭᠦᠢᠴᠡᠳᠬᠡᠵᠦ ᠪᠠᠭ᠋ᠠᠨ ᠤᠤᠭᠤᠵᠠᠭᠠᠪᠠ︾ ᠭᠡᠵᠡᠢ᠃ ᠸᠢᠯᠢᠶᠠᠮ ᠷᠦᠪᠷᠦ᠋ᠭ ᠢ | ᠤᠯᠤᠰ ᠲᠠᠭᠠᠨ ᠪᠤᠴᠠᠬᠤ ᠦᠶ᠎ᠡ ᠳᠤᠨᠢ ᠮᠦᠩᠬᠡ ᠬᠠᠭᠠᠨ ᠠᠴᠠ ᠹᠠᠷᠠᠨᠺ ᠤᠨ ᠯᠦᠢᠰ ᠸᠠᠩ ᠳᠤ ᠬᠠᠷᠢᠭᠤ ᠵᠠᠬᠢᠳᠠᠯ | ᠢᠯᠡᠭᠡᠭᠰᠡᠨ ᠪᠢᠯᠡ᠃ | 1256 ᠤᠨ ᠪᠤᠯᠬᠤ ᠳᠤ ᠮᠦᠩᠬᠡ ᠬᠠᠭᠠᠨ ᠤ ᠲᠤᠮᠢᠯᠠᠭᠰᠠᠨ ᠬᠤᠶᠠᠷ ᠵᠠᠮ ᠤᠨ ᠴᠡᠷᠢᠭ ᠤᠳᠠᠭ᠎ᠠ | ᠳᠠᠷᠠᠭ᠎ᠠ ᠪᠠᠷ ᠢᠯᠠᠯᠲᠠ ᠤᠯᠵᠤ ᠪᠠᠶᠢᠪᠠ᠃ ᠦᠷᠦᠨᠡᠳᠠᠬᠢᠨ ᠳᠤ ᠮᠤᠷᠳᠠᠭᠰᠠᠨ ᠦᠯᠡᠬᠦ ᠶᠢᠨ ᠶᠡᠭᠡ ᠴᠡᠷᠢᠭ ᠫᠧᠷᠰ | ᠤᠯᠤᠰ ᠢ ᠲᠦᠪᠰᠢᠳᠬᠡᠭᠡᠳ᠂ ᠪᠠᠭᠳᠠᠳ᠋ ᠤᠯᠤᠰ ᠢ ᠴᠢᠭᠯᠡᠨ ᠤᠷᠤᠭᠰᠢᠯᠠᠵᠤ ᠪᠠᠶᠢᠵᠠᠢ᠃ ᠢᠯᠠᠩᠭᠤᠶ᠎ᠠ ᠬᠤᠪᠢᠯᠠᠢ᠂ | ᠤᠷᠢᠶᠠᠩᠬᠠᠳᠠᠢ ᠬᠤᠶᠠᠷ ᠤᠨ ᠳᠠᠶᠢᠴᠢᠯᠠᠭᠰᠠᠨ ᠶᠡᠭᠡ ᠴᠡᠷᠢᠭ ᠲᠦᠪᠡᠳ ᠢ ᠲᠦᠪᠰᠢᠳᠬᠡᠵᠦ᠂ ᠳ᠋ᠠᠯᠢ ᠤᠯᠤᠰ ᠢ | ᠪᠠᠶᠢᠯᠳᠤᠨ ᠳᠠᠭᠠᠭᠤᠯᠪᠠ᠃ ᠡᠨᠡ ᠨᠢ ᠮᠦᠩᠬᠡ ᠬᠠᠭᠠᠨ ᠤ ᠡᠮᠦᠨᠡᠲᠦ ᠰᠦᠩ ᠤᠯᠤᠰ ᠢ ᠪᠦᠰᠡᠯᠡᠨ ᠴᠤᠬᠢᠬᠤ | ᠲᠦᠯᠦᠪᠯᠡᠭᠡ ᠨᠢᠭᠡᠨᠲᠡ ᠪᠡᠶᠡᠯᠡᠭᠳᠡᠭᠰᠡᠨ ᠢ ᠬᠠᠷᠠᠭᠤᠯᠵᠤ ᠪᠠᠶᠢᠨ᠎ᠠ᠃ ᠡᠮᠦᠨᠡᠲᠦ ᠰᠦᠩ ᠤᠯᠤᠰ ᠡᠮᠦᠨ᠎ᠡ᠂ ᠬᠤᠶᠢᠨ᠎ᠠ᠂ | ᠪᠠᠷᠠᠭᠤᠨ ᠭᠤᠷᠪᠠᠨ ᠲᠠᠯ᠎ᠠ ᠪᠠᠷ ᠢᠶᠠᠨ ᠬᠠᠭᠠᠨᠲᠤ ᠮᠤᠩᠭᠤᠯ ᠤᠯᠤᠰ ᠲᠤ ᠪᠦᠰᠡᠯᠡᠭᠳᠡᠭᠡᠳ ᠶᠠᠭ ᠨᠡᠯᠦᠭᠡᠷ ᠶᠡᠭᠡ ᠳᠠᠯᠠᠢ | ᠳᠤᠮᠳᠠᠬᠢ ᠦᠨᠦᠴᠢᠨ ᠠᠷᠠᠯ ᠰᠢᠭ᠋ ᠭᠠᠭᠴᠠᠭᠠᠷᠳᠠᠭᠰᠠᠨ ᠪᠠᠶᠢᠳᠠᠯ ᠳᠤ ᠤᠷᠤᠪᠠ᠃ ᠮᠦᠩᠬᠡ ᠬᠠᠭᠠᠨ ᠡᠮᠦᠨᠡᠲᠦ ᠰᠦᠩ | ᠤᠯᠤᠰ ᠢ ᠳᠠᠶᠢᠯᠠᠬᠤ ᠪᠠᠷ ᠲᠤᠭᠲᠠᠵᠤ᠂ ᠳᠠᠶᠢᠨ ᠳᠤ ᠮᠤᠷᠳᠠᠬᠤ ᠪᠠᠷ ᠴᠡᠷᠢᠭ ᠮᠤᠷᠢ ᠪᠠᠨ ᠪᠡᠯᠡᠳᠬᠡᠵᠦ ᠡᠬᠢᠯᠡᠵᠡᠢ᠃ | 1258 ᠤᠨ ᠳᠤ ᠮᠦᠩᠬᠡ ᠬᠠᠭᠠᠨ ᠴᠡᠷᠢᠭ ᠢᠶᠠᠨ ᠭᠤᠷᠪᠠᠨ ᠵᠠᠮ ᠬᠤᠪᠢᠶᠠᠵᠤ᠂ ᠦᠪᠡᠷ ᠢᠶᠠᠨ ᠳᠤᠮᠳᠠ | ᠵᠠᠮ ᠤᠨ ᠴᠡᠷᠢᠭ ᠢ ᠳᠠᠶᠢᠴᠢᠯᠠᠵᠤ ᠰᠧᠴᠤᠸᠠᠨ ᠤᠷᠤᠭᠤ ᠤᠷᠤᠵᠠᠢ᠃ ᠮᠦᠩᠬᠡ ᠬᠠᠭᠠᠨ ᠤ ᠭᠤᠷᠪᠠᠨ ᠵᠠᠮ ᠤᠨ ᠴᠡᠷᠢᠭ | ᠨᠢᠰᠬᠦ ᠮᠡᠲᠦ ᠤᠷᠤᠭᠰᠢᠯᠠᠵᠤ᠂ ᠤᠯᠠᠨ ᠤᠳᠠᠭ᠎ᠠ ᠶᠢᠨ ᠰᠢᠷᠦᠭᠦᠨ ᠪᠠᠶᠢᠯᠳᠤᠭᠠᠨ ᠢ ᠦᠩᠭᠡᠷᠡᠭᠦᠯᠵᠦ ᠴᠧᠩᠳᠦ᠋ ᠵᠡᠷᠭᠡ | ᠬᠤᠲᠠ ᠪᠤᠭᠤᠮᠲᠠ ᠶᠢ ᠡᠵᠡᠯᠡᠭᠰᠡᠨ ᠪᠠᠶᠢᠨ᠎ᠠ᠃ 1259 ᠤᠨ ᠳᠤ ᠮᠦᠩᠬᠡ ᠬᠠᠭᠠᠨ ᠤᠯᠠᠨ ᠵᠠᠮ ᠤᠨ ᠴᠡᠷᠢᠭ ᠢ | ᠶᠡᠷᠦᠩᠬᠡᠶᠢᠯᠡᠨ ᠵᠠᠬᠢᠷᠴᠤ ᠡᠾᠧᠵᠸᠦ ︵ᠤᠳᠤᠬᠢ ᠰᠧᠴᠦᠸᠠᠨ ᠤ ᠡᠾᠧᠴᠤᠸᠠᠨ ᠪᠤᠯᠤᠨ᠎ᠠ︶ ᠬᠤᠲᠠ ᠶᠢ ᠪᠦᠰᠡᠯᠡᠨ | ᠪᠠᠶᠢᠯᠳᠤᠪᠠ᠃ ᠡᠨᠡ ᠦᠶ᠎ᠡ ᠳᠤ ᠴᠢᠪ ᠭᠡᠮᠡᠨ ᠵᠤᠨ ᠤ ᠤᠯᠠᠷᠢᠯ ᠪᠠᠶᠢᠵᠤ᠂ ᠠᠭᠤᠷ ᠠᠮᠢᠰᠬᠤᠯ ᠪᠦᠭᠴᠢᠮ ᠬᠠᠯᠠᠭᠤᠨ | ᠪᠦᠭᠡᠳ ᠴᠢᠭᠢᠭ ᠬᠤᠷ᠎ᠠ ᠶᠡᠭᠡ᠂ ᠪᠠᠰᠠ ᠡᠪᠡᠳᠴᠢᠨ ᠡᠮᠬᠡᠭ ᠳᠡᠯᠭᠡᠷᠡᠭᠰᠡᠨ ᠪᠤᠯᠬᠤᠷ ᠨᠡᠯᠢᠶᠡᠳ ᠤᠯᠠᠨ ᠴᠡᠷᠢᠭ | ᠡᠪᠡᠳᠴᠢᠯᠡᠭᠰᠡᠨ ᠪᠠᠶᠢᠨ᠎ᠠ᠃ ᠮᠦᠩᠬᠡ ᠬᠠᠭᠠᠨ ᠴᠦ ᠬᠦᠨᠳᠦ ᠡᠪᠡᠳᠴᠢᠯᠡᠭᠡᠳ ᠴᠡᠷᠢᠭ ᠤᠨ ᠬᠤᠸᠠᠷᠠᠨ ᠳᠠᠭᠠᠨ ᠨᠠᠰᠤ | ᠪᠠᠷᠠᠪᠠ᠃ ᠡᠨᠡ ᠨᠢ 1259 ᠤᠨ ᠤ ᠨᠠᠢᠮᠠᠳᠤᠭᠠᠷ ᠰᠠᠷ᠎ᠠ ᠶᠢᠨ ᠠᠷᠪᠠᠨ ᠨᠢᠭᠡᠨ ᠤ ᠡᠳᠦᠷ ᠭᠠᠷᠤᠭᠰᠠᠨ ᠬᠡᠷᠡᠭ ᠪᠢᠯᠡ᠃ | ᠲᠡᠷᠡ ᠦᠶ᠎ᠡ ᠳᠤ ᠮᠦᠩᠬᠡ ᠬᠠᠭᠠᠨ ᠰᠠᠶ᠋ᠢ ᠲᠠᠪᠢᠨ ᠬᠤᠶᠠᠷ ᠲᠠᠢ ᠪᠦᠯᠦᠭᠡ᠃ ᠶᠡᠭᠡ ᠰᠠᠭᠤᠷᠢᠨ ᠳᠤ ᠶᠢᠰᠦᠨ ᠵᠢᠯ | ᠰᠠᠭᠤᠪᠠ᠃ ᠮᠦᠩᠬᠡ ᠬᠠᠭᠠᠨ ᠤᠤᠯ ᠨᠢ ᠡᠸ᠋ᠵᠸᠦ ︵ᠬᠤᠪᠸᠢ ᠶᠢᠨ ᠦᠴᠠᠩ ᠬᠤᠲᠠ︶ ᠳᠤ ᠬᠤᠪᠢᠯᠠᠢ᠂ | ᠤᠷᠢᠶᠠᠩᠬᠠᠲᠠᠢ ᠲᠠᠢ ᠨᠡᠶᠢᠯᠡᠵᠦ᠂ ᠭᠤᠷᠪᠠᠨ ᠵᠠᠮ ᠤᠨ ᠴᠡᠷᠢᠭ ᠴᠤᠭᠭᠠᠷ ᠵᠡᠭᠦᠨᠰᠢ ᠳᠠᠶᠢᠯᠠᠵᠤ ᠰᠦᠩ ᠤᠯᠤᠰ ᠢ | ᠮᠦᠬᠦᠭᠡᠬᠦ ᠪᠠᠷ ᠲᠦᠯᠦᠪᠯᠡᠵᠦ ᠪᠠᠶᠢᠵᠠᠢ᠃ ᠭᠡᠲᠡᠯ᠎ᠡ ᠲᠡᠷᠡ ᠵᠠᠪᠰᠢᠶᠠᠨ ᠪᠤᠰᠤ ᠪᠠᠷ ᠨᠠᠰᠤ ᠪᠠᠷᠠᠭᠠᠳ᠂ ᠲᠡᠭᠦᠨ ᠤ | ᠠᠤᠭ᠎ᠠ ᠵᠤᠷᠢᠯᠭ᠎ᠠ ᠨᠢ ᠪᠡᠶᠡᠯᠡᠭᠳᠡᠵᠦ ᠡᠰᠡ ᠴᠢᠳᠠᠪᠠ᠃ | ᠬᠤᠪᠢᠯᠠᠢ ᠬᠠᠭᠠᠨ ᠤᠷᠤ ᠶᠢ ᠵᠠᠯᠭᠠᠮᠵᠢᠯᠠᠭᠰᠠᠨ ᠤ ᠳᠠᠷᠠᠭ᠎ᠠ᠂ ᠮᠦᠩᠬᠡ ᠬᠠᠭᠠᠨ ᠢ ᠰᠢᠶᠠᠨᠽᠦ᠋ᠩ ᠬᠤᠸᠠᠩᠳᠢ | ᠬᠠᠭᠠᠨ ᠭᠡᠵᠦ ᠨᠡᠬᠡᠮᠵᠢᠯᠡᠨ ᠡᠷᠭᠦᠮᠵᠢᠯᠡᠪᠡ᠃ | ᠮᠦᠩᠬᠡ ᠬᠠᠭᠠᠨ ᠳᠦᠷᠪᠡᠨ ᠬᠦᠪᠡᠭᠦᠨ ᠲᠠᠢ᠂ ᠲᠡᠳᠡᠭᠡᠷ ᠨᠢ ᠪᠠᠯᠲᠤ᠂ ᠠᠰᠤᠲᠠᠢ᠂ ᠦᠷᠭᠡᠨᠳᠠᠰᠢ᠂ ᠰᠢᠷᠭᠢ | ᠨᠠᠷ ᠪᠤᠯᠤᠨ᠎ᠠ᠃ |