ᠮᠤᠩᠭᠤᠯ ᠪᠦᠬᠡ ᠪᠤᠯ ᠮᠤᠩᠭᠤᠯᠴᠤᠳ ᠤᠨ ᠤᠯᠠᠮᠵᠢᠯᠠᠯᠲᠤ ᠡᠷ᠎ᠡ ᠶᠢᠨ ᠭᠤᠷᠪᠠᠨ ᠨᠠᠭᠠᠳᠤᠮ ᠤᠨ | ᠨᠢᠭᠡ᠂ ᠮᠠᠯᠴᠢᠨ ᠲᠦᠮᠡᠨ ᠤ ᠳᠤᠮᠳᠠ ᠦᠷᠭᠡᠨ ᠳᠡᠯᠭᠡᠷᠡᠩᠭᠦᠢ ᠰᠠᠭᠤᠷᠢ ᠲᠠᠢ ᠪᠠᠶᠢᠳᠠᠭ ᠃ ᠤᠶᠢᠷ᠎ᠠ ᠶᠢᠨ | ᠵᠢᠯ ᠠᠴᠠ ᠡᠯ᠎ᠡ ᠭᠠᠵᠠᠷ ᠤᠷᠤᠨ ᠮᠤᠩᠭᠤᠯ ᠪᠦᠬᠡ ᠪᠠᠨ ᠬᠦᠨᠳᠦᠳᠬᠡᠨ ᠬᠦᠭᠵᠢᠭᠦᠯᠵᠦ ᠪᠠᠶᠢᠭ᠎ᠠ ᠨᠢ | ᠡᠯ᠎ᠡ ᠠᠶᠢᠮᠠᠭ ᠬᠤᠲᠠ ᠶᠢᠨ ᠪᠦᠬᠡ ᠶᠢᠨ ᠰᠤᠷᠢᠶ᠎ᠠ ᠪᠤᠯᠪᠠᠰᠤᠷᠠᠯ ᠤᠨ ᠲᠠᠰᠤᠷᠠᠯᠲᠠ ᠦᠭᠡᠢ ᠴᠢᠩᠭᠠᠷᠠᠯ ᠂ | ᠡᠯ᠎ᠡ ᠬᠤᠰᠢᠭᠤ ᠨᠤᠳᠤᠭ ᠤᠨ ᠪᠦᠬᠡᠴᠢᠳ ᠤᠨ ᠬᠢᠷᠢ ᠪᠦᠳᠦᠮᠵᠢ ᠶᠢᠨ ᠳᠡᠭᠡᠭᠰᠢᠯᠡᠯᠲᠡ ᠪᠤᠯᠤᠨ | ᠬᠠᠯᠬ᠎ᠠ ᠲᠦᠮᠡᠨ ᠤ ᠮᠠᠨᠢ ᠤᠷᠤᠯᠴᠠᠯᠭ᠎ᠠ ᠪᠠᠷ ᠭᠦᠢᠴᠡᠳ ᠢᠯᠡᠷᠡᠵᠦ ᠪᠠᠶᠢᠨ᠎ᠠ᠃ ᠬᠦᠮᠦᠨ ᠪᠦᠬᠦᠨ | ᠬᠦᠨᠳᠦᠳᠬᠡᠵᠦ ᠂ ᠭᠠᠵᠠᠷ ᠪᠤᠯᠭᠠᠨ ᠠᠴᠠ ᠰᠠᠶᠢᠨ ᠪᠦᠬᠡ ᠴᠤᠯᠭᠤᠷᠠᠬᠤ ᠨᠢ ᠮᠤᠩᠭᠤᠯ ᠪᠦᠬᠡᠴᠢᠳ ᠤᠨ | ᠮᠠᠨᠢ ᠤᠯᠠᠮ ᠬᠡᠶᠢᠮᠦᠷᠢᠯᠢᠭ ᠳᠡᠪᠢᠬᠦ ᠶᠢᠨ ᠪᠡᠯᠭᠡᠰᠢᠶᠡᠯ ᠪᠤᠯᠤᠯ᠎ᠠ᠃ ᠡᠭᠦᠨ ᠤ ᠲᠤᠯᠠᠳᠠ ᠲᠠᠶᠠᠭᠠᠷ ᠢᠶᠠᠨ | ᠶᠠᠭᠠᠬᠢᠬᠤ ᠪᠤᠢ ︖ | ᠨᠢᠭᠡ ᠂ ᠮᠤᠩᠭᠤᠯ ᠪᠦᠬᠡ ᠶᠢᠨ ᠤᠯᠠ ᠰᠠᠭᠤᠷᠢ ᠶᠢ ᠤᠯᠠᠮ ᠴᠢᠩᠭᠠᠳᠬᠠᠵᠤ ᠂ ᠬᠦᠭᠵᠢᠯ ᠤᠨ | ᠬᠦᠷᠦᠰᠦ ᠶᠢ ᠰᠢᠮᠡᠵᠢᠭᠦᠯᠬᠦ ᠬᠡᠷᠡᠭᠲᠡᠢ ᠃ ᠰᠤᠶᠤᠯ ᠤᠨ ᠬᠦᠭᠵᠢᠯ ᠨᠢ ᠲᠦᠮᠡᠨ ᠤ ᠬᠦᠨᠳᠦᠳᠬᠡᠯ | ᠵᠢᠳᠬᠦᠯ ᠢᠶᠠᠷ ᠨᠠᠬᠢᠶᠠᠯᠠᠵᠤ ᠦᠷᠡᠵᠢᠳᠡᠭ ᠃ ᠮᠤᠩᠭᠤᠯᠴᠤᠳ ᠮᠢᠨᠢ ᠮᠤᠩᠭᠤᠯ ᠪᠦᠬᠡ ᠪᠠᠨ | ᠳᠡᠭᠡᠳᠦᠯᠡᠵᠦ ᠂ ᠤᠶᠢᠯᠠᠭᠠᠵᠤ ᠂ ᠪᠠᠷᠢᠯᠳᠤᠵᠤ ᠪᠠᠶᠢᠬᠤ ᠳᠤᠰᠤᠮ ᠢᠶᠠᠨ ᠮᠤᠩᠭᠤᠯ ᠪᠦᠬᠡ ᠮᠢᠨᠢ ᠪᠦᠬᠦ | ᠠᠷᠠᠳ ᠤᠨ ᠳᠤᠮᠳᠠ ᠦᠨᠢᠷ ᠬᠦᠭᠵᠢᠯ ᠢᠶᠠᠨ ᠤᠯᠬᠤ ᠪᠤᠯᠤᠨ᠎ᠠ ᠃ ᠰᠤᠶᠤᠯ ᠤᠨ ᠢᠷᠡᠭᠡᠳᠦᠢ ᠨᠢ | ᠬᠡᠦᠬᠡᠳ ᠪᠢᠯᠡ ᠃ ᠡᠯ᠎ᠡ ᠮᠤᠩᠭᠤᠯ ᠰᠤᠷᠭᠠᠭᠤᠯᠢ ᠨᠤᠭᠤᠳ ᠤᠷᠤᠨ ᠨᠤᠲᠤᠭ ᠤᠨ ᠤᠨᠴᠠᠯᠢᠭᠲᠤ | ᠮᠤᠩᠭᠤᠯ ᠪᠦᠬᠡ ᠶᠢᠨ ᠬᠢᠴᠢᠶᠡᠯᠡᠯᠭᠡ ᠨᠡᠭᠡᠭᠡᠵᠦ ᠂ ᠬᠡᠦᠬᠡᠳ ᠤᠨ ᠤᠷᠮ᠎ᠠ ᠪᠠᠬ᠎ᠠ ᠶᠢ ᠬᠦᠳᠦᠯᠡᠵᠦ ᠂ | ᠤᠭᠤᠷᠠᠭ ᠲᠠᠷᠢᠬᠢᠨ ᠳᠤ ᠨᠢ ᠦᠨᠳᠦᠰᠦᠳᠡᠨ ᠤ ᠢᠶᠠᠨ ᠰᠤᠶᠤᠯ ᠤᠨ ᠪᠤᠯᠤᠷ ᠳᠠᠯᠠᠰᠳᠦ — ᠮᠤᠩᠭᠤᠯ ᠪᠦᠬᠡ | ᠶᠢ ᠤᠭ ᠳᠦᠷᠬᠦ ᠂ ᠤᠳᠤᠮ ᠲᠡᠦᠬᠡ ᠲᠠᠢ ᠨᠢ ᠰᠡᠶᠢᠯᠬᠦ ᠤᠴᠢᠷᠲᠠᠢ᠃ ᠪᠦᠬᠡ ᠶᠢᠨ ᠦᠨᠢᠷ | ᠬᠦᠭᠵᠢᠯ ᠨᠢ ᠪᠦᠬᠡ ᠶᠢᠨ ᠱᠠᠳᠤᠯᠠᠭᠰᠠᠨ ᠰᠤᠷᠭᠠᠨ ᠬᠦᠮᠦᠵᠢᠯ ᠠᠴᠠ ᠰᠠᠯᠵᠤ ᠴᠢᠳᠠᠬᠤ ᠦᠭᠡᠢ ᠃ | ᠬᠡᠦᠬᠡᠳ ᠤᠨ ᠴᠡᠴᠡᠷᠯᠢᠭ ᠠᠴᠠ ᠦᠨᠳᠦᠷ ᠳᠤᠮᠳᠠᠳᠤ ᠬᠦᠷᠳᠡᠯ᠎ᠡ ᠪᠦᠬᠡ ᠶᠢᠨ ᠬᠦᠮᠦᠵᠢᠯ ᠢ ᠴᠢᠩᠭᠠᠳᠬᠠᠨ | ᠂ ᠤᠷᠤᠨ ᠨᠤᠳᠤᠭ ᠤᠨ ᠬᠡᠪ ᠨᠠᠮᠪᠠ ᠂ ᠤᠯᠠᠮᠵᠢᠯᠠᠯ ᠢ ᠬᠠᠳᠠᠭᠠᠯᠠᠬᠤ ᠨᠢ ᠦᠪᠡᠷ ᠦᠪᠡᠷ ᠤᠨ | ᠦᠩᠭᠡ ᠪᠠᠷ ᠢᠶᠠᠨ ᠰᠤᠯᠤᠩᠭᠠᠷᠠᠵᠤ ᠂ ᠡᠭᠦᠨ ᠤ ᠤᠯᠠᠮ ᠢᠶᠠᠷ ᠬᠡᠳᠦᠢ ᠦᠨᠳᠦᠰᠦᠲᠠᠨ ᠤ ᠬᠢ | ᠪᠠᠶᠢᠭᠰᠠᠨ ᠠᠴᠠ ᠪᠠᠨ ᠲᠡᠳᠦᠢ ᠲᠡᠯᠡᠬᠡᠢ ᠶᠢᠨ ᠪᠤᠯᠬᠤ ᠶᠢ ᠠᠬᠢᠭᠤᠯᠬᠤ ᠨᠢ ᠡᠷᠡᠬᠡᠯᠵᠡᠰᠢ ᠦᠭᠡᠢ᠃ | ᠤᠤᠭᠠᠯ ᠰᠤᠶᠤᠯ ᠤᠨ ᠦᠨᠳᠦᠰᠦ ᠪᠠ ᠰᠤᠷᠭᠠᠭᠤᠯᠢ ᠶᠢᠨ ᠬᠦᠮᠦᠵᠢᠯ ᠨᠢᠭᠲᠠ ᠠᠭᠤᠰᠤᠯᠴᠠᠪᠠᠯ ᠰᠤᠶᠤᠯ ᠤᠨ | ᠤᠯᠠᠮᠵᠢᠯᠠᠬᠤ ᠴᠢᠨᠠᠷ ᠤᠯᠠᠮ ᠴᠤ ᠴᠡᠴᠡᠭᠯᠡᠨ ᠦᠷᠨᠢᠨᠡ᠃ ᠰᠤᠶᠤᠯ ᠢᠶᠠᠨ ᠦᠪᠯᠡᠭᠰᠡᠨ ᠬᠦᠮᠦᠨ ᠢ ᠰᠤᠶᠤᠯ | ᠨᠢ ᠡᠷᠭᠦᠵᠦ ᠠᠯᠳᠠᠷᠲᠠᠨ ᠪᠤᠯᠭᠠᠳᠠᠭ ᠪᠢᠰᠢᠦ︖ ᠳᠤᠮᠳᠠᠳᠤ ᠮᠠᠶ᠋ᠢᠭ ᠤᠨ ᠪᠦᠬᠡ ᠶᠢᠨ ᠪᠠᠷᠢᠯᠳᠤᠭᠠᠨ ᠳᠤ | ᠲᠤᠭᠤᠯᠴᠢᠨ ᠪᠠᠶᠢᠬᠤ ᠳᠤ ᠪᠠᠨ ᠰᠤᠷᠤᠭᠰᠠᠨ ᠮᠡᠭᠡ ᠪᠠᠷ ᠢᠶᠠᠨ ᠠᠪᠤᠷᠭᠤ ᠬᠠᠮᠠᠭᠠᠯᠠᠳᠠᠭ ᠪᠠᠶᠢᠭᠰᠠᠨ ᠨᠢ | ᠨᠡᠬᠦᠳᠡᠯ ᠠᠮᠢᠳᠤᠷᠠᠯ ᠤᠨ ᠮᠢᠨᠢ ᠢᠵᠠᠭᠤᠷ ᠤᠬᠠᠭᠠᠨ ᠮᠤᠩᠭᠤᠯ ᠪᠦᠬᠡᠴᠢᠨ ᠢᠶᠠᠨ ᠡᠷᠭᠦᠭᠰᠡᠨ ᠤ ᠪᠠᠳᠤ ᠭᠡᠷᠡᠴᠢ | ᠪᠤᠯᠬᠤ ᠶᠤᠮ᠃ ᠪᠠᠶᠠᠷᠪᠠᠭᠠᠳᠤᠷ ᠢ ᠮᠠᠩᠯᠠᠢ ᠠᠪᠤᠷᠭᠤ ᠪᠤᠯᠬᠤ ᠠᠴᠠ ᠨᠢ ᠤᠷᠢᠳ ᠮᠡᠳᠡᠵᠦ ᠲᠠᠨᠢᠭᠰᠠᠨ | ᠬᠦᠮᠦᠨ ᠬᠡᠳᠦ ᠯᠠ ᠪᠠᠶᠢᠯ᠎ᠠ ︖ ᠬᠠᠷᠢᠨ ᠪᠦᠬᠡ ᠪᠠᠨ ᠭᠡᠰᠡᠨ ᠵᠢᠳᠬᠦᠯ ᠴᠢᠷᠮᠠᠶᠢᠯᠭ᠎ᠠ ᠶᠢ ᠨᠢ ᠪᠦᠬᠡᠴᠢᠨ | ᠠᠯᠳᠠᠷ ᠢᠶᠠᠷ ᠨᠢ ᠲᠦᠷᠦ ᠲᠦᠮᠡᠨ ᠮᠢᠨᠢ ᠬᠦᠯᠢᠶᠠᠨ ᠠᠪᠴᠤ ᠰᠡᠳᠬᠢᠯ ᠤᠨ ᠢᠶᠠᠨ ᠤᠷᠬᠢᠯ ᠳᠤ | ᠰᠦᠨᠳᠡᠷᠯᠡᠭᠦᠯᠦᠭᠰᠡᠨ ᠪᠢᠯᠡ᠃ ᠪᠦᠬᠡ ᠶᠢᠨ ᠱᠠᠳᠤᠯᠠᠭᠰᠠᠨ ᠰᠤᠷᠭᠠᠨ ᠬᠦᠮᠦᠵᠢᠯ ᠢ ᠴᠢᠨᠠᠭᠰᠢᠲᠠ ᠬᠦᠭᠵᠢᠭᠦᠯᠬᠦ | ᠳᠤ ᠤᠶᠤᠳᠠᠳ ᠤᠨ ᠤᠷᠤᠯᠴᠠᠭ᠎ᠠ ᠴᠤ ᠴᠢᠬᠤᠯᠠ᠃ ᠤᠶᠤᠳᠠᠳ ᠤᠨ ᠪᠦᠬᠡ ᠶᠢᠨ ᠨᠡᠶᠢᠭᠡᠮᠯᠢᠭ ᠂ ᠪᠦᠬᠡ | ᠶᠢᠨ ᠨᠠᠶᠢᠷ ᠠᠴᠢ ᠳᠤᠰᠠ ᠪᠠᠨ ᠭᠠᠷᠭᠠᠬᠤ ᠠᠴᠠ ᠭᠠᠳᠠᠨ᠎ᠠ᠂ ᠬᠤᠪᠢ ᠬᠦᠮᠦᠨ ᠂ ᠨᠡᠶᠢᠭᠡᠮᠯᠢᠭ ᠂ | ᠪᠠᠶᠢᠭᠤᠯᠭ᠎ᠠ ᠨᠢᠭᠡᠴᠡ ᠶᠢᠨ ᠬᠠᠯᠠᠭᠤᠨ ᠰᠡᠳᠬᠢᠯ ᠬᠦᠴᠦᠲᠡᠢ ᠳᠡᠮᠵᠢᠯᠭᠡ ᠴᠦ ᠪᠦᠬᠡ ᠶᠢᠨ ᠬᠦᠭᠵᠢᠯ ᠢ | ᠠᠬᠢᠭᠤᠯᠳᠠᠭ᠃ ᠪᠦᠬᠡ ᠶᠢᠨ ᠬᠦᠭᠵᠢᠯ ᠨᠢ ᠪᠦᠭᠦᠳᠡᠭᠡᠷ ᠪᠠᠷᠢᠯᠳᠤᠬᠤ ᠶᠢ ᠱᠠᠭᠠᠷᠳᠠᠬᠤ ᠦᠭᠡᠢ ᠴᠦ | ᠪᠦᠭᠦᠲᠡᠭᠡᠷ ᠤᠶᠢᠯᠡᠭᠠᠵᠤ ᠬᠦᠨᠳᠦᠯᠡᠵᠦ ᠶᠡᠪᠤᠬᠤ ᠶᠢ ᠱᠠᠭᠠᠷᠳᠠᠨ᠎ᠠ᠃ ᠡᠶᠢᠮᠦ ᠠᠴᠠ ᠭᠡᠷ ᠪᠦᠯᠢ ᠶᠢᠨ | ᠬᠦᠮᠦᠵᠢᠯ ᠴᠦ ᠮᠠᠰᠢ ᠴᠢᠬᠤᠯᠠ ᠶᠤᠮ᠃ ᠠᠪᠤ ᠡᠵᠢ ᠨᠢ ᠬᠡᠦᠬᠡᠳ ᠤᠨ ᠠᠩᠬᠠᠨ ᠤ ᠪᠠᠭᠰᠢ ᠂ ᠭᠡᠷ | ᠤᠨ ᠠᠬᠠᠮᠠᠳ ᠨᠢ ᠬᠡᠦᠬᠡᠳ ᠲᠤ ᠪᠠᠨ ᠪᠠᠶᠢᠩᠭᠤ 《 ᠪᠦᠬᠡ ᠭᠡᠳᠡᠭ ᠴᠢᠨᠢ ᠮᠠᠨ ᠤ ᠮᠤᠩᠭᠤᠯ ᠤᠨ ᠬᠢ | ᠂ ᠬᠦᠴᠦ ᠤᠬᠠᠭᠠᠨ ᠤ ᠤᠶᠠᠯᠳᠤᠯ 》 ᠭᠡᠵᠦ ᠶᠠᠷᠢᠵᠦ᠂ 《 ᠵᠠᠩᠭᠢᠶ᠎ᠠ ᠭᠡᠵᠦ ᠵᠦᠪᠬᠡᠨ ᠵᠠᠰᠠᠯ ᠯᠠ | ᠪᠢᠰᠢ ᠂ ᠬᠦᠨᠳᠦᠳᠬᠡᠯ ᠪᠢᠰᠢᠷᠡᠯ ᠢᠳᠡᠭᠡᠯ 》 ᠭᠡᠵᠦ ᠤᠴᠢᠷᠯᠠᠵᠤ᠂ 《 ᠵᠤᠳᠤᠭ ᠭᠡᠵᠤ ᠃᠃᠃ | ᠪᠠᠶᠢᠳᠠᠭ ᠰᠢᠦ ᠴᠡᠭᠡᠵᠢᠯᠡᠭᠡᠷᠡᠢ᠂ ᠦᠷ᠎ᠡ ᠮᠢᠨᠢ 》 ᠭᠡᠵᠦ ᠪᠢᠯᠢᠭ ᠢ ᠨᠢ ᠳᠠᠩᠳᠠ ᠨᠡᠬᠡᠬᠡᠵᠤ ᠪᠠᠶᠢᠪᠠᠯ ᠬᠡᠦᠬᠡᠳ | ᠤᠨ ᠨᠢᠯᠬ᠎ᠠ ᠤᠶᠤᠨ ᠳᠤ ᠪᠠᠳᠤ ᠬᠠᠳᠠᠩᠰᠢᠵᠤ ᠂ 《 ᠪᠦᠬᠡ ᠭᠡᠵᠦ ᠮᠢᠨᠦ ᠦᠪ ᠂ ᠮᠠᠰᠢ ᠶᠡᠭᠡ | ᠬᠦᠭᠵᠢᠯ ᠤᠨ ᠢᠷᠡᠭᠡᠳᠦᠢ ᠲᠠᠢ 》 ᠭᠡᠳᠡᠭ ᠰᠤᠶᠤᠯ ᠤᠨ ᠤᠬᠠᠮᠰᠠᠷ ᠤᠨ ᠢᠳᠡᠭᠡᠯ ᠤᠨ ᠪᠤᠯᠠᠭ | ᠤᠨᠳᠤᠷᠤᠨ᠎ᠠ᠃ ᠨᠠᠰᠤᠨ ᠪᠠᠭ᠎ᠠ ᠳᠤ ᠪᠠᠨ ᠨᠢᠰᠤᠩᠬᠠᠢ ᠵᠢᠭᠠᠯ ᠤᠳ ᠲᠤᠭᠤᠯ ᠤᠨ ᠪᠡᠯᠴᠢᠭᠡᠷ ᠲᠤ | ᠤᠯᠠᠭᠤᠯᠠ ᠪᠠᠨ ᠴᠠᠭᠠᠷᠢᠭᠯᠠᠨ ᠪᠠᠷᠢᠯᠳᠤᠵᠤ ᠂ ᠨᠠᠭᠠᠳᠤᠬᠢ ᠨᠢ ᠲᠠᠲᠠᠬᠤ ᠪᠠᠷ ᠴᠠᠭᠠᠲᠤᠬᠢ ᠨᠢ ᠮᠡᠭᠡ ᠪᠠᠨ | ᠬᠢᠴᠢᠬᠡᠭᠰᠡᠨ ᠬᠦᠭᠡᠷᠴᠦ ᠶᠠᠪᠤᠭᠰᠠᠭᠠᠷ ᠨᠠᠭᠠᠳᠤᠮ ᠨᠠᠮᠰᠤ ᠪᠤᠯᠬᠤ ᠪᠠᠷ 《 ᠪᠢ ᠲᠠᠲᠠᠭᠰᠠᠨ ᠦᠭᠡᠢ ᠪᠤᠯ | ᠴᠢ ᠬᠠᠶᠠᠵᠤ ᠴᠢᠳᠠᠨ᠎ᠠ ᠤᠤ ︖ 》 ᠭᠡᠵᠦ ᠤᠷᠤᠭᠤᠯ ᠴᠤᠷᠪᠤᠶᠢᠯᠭᠠᠳᠠᠭ ᠨᠢ ᠲᠡᠨᠲᠦᠷ ᠮᠦᠨᠲᠦᠷ | ᠠᠯᠬᠤᠭ᠎ᠠ ᠲᠠᠢ ᠲᠡᠷᠡ ᠨᠠᠰᠤᠨ ᠤ ᠪᠦᠬᠡᠴᠢᠳ ᠲᠡᠩᠴᠡᠭᠦᠷᠢ ᠳᠡᠮ ᠢᠶᠠᠨ ᠳᠡᠭᠡᠵᠦ ᠤᠯᠵᠤ ᠪᠠᠶᠢᠭᠰᠠᠨ | ᠢ ᠪᠦᠷ ᠰᠡᠭᠦᠯ ᠳᠤ ᠨᠢ ᠮᠡᠳᠡᠵᠤ ᠪᠢᠯᠠ ᠪᠢᠳᠡ᠃ ᠮᠤᠩᠭᠤᠯ ᠪᠦᠬᠡ ᠮᠢᠨᠢ ᠦᠨᠡᠬᠡᠷ ᠴᠦ ᠳᠡᠮ ᠲᠠᠮᠢᠷ | ᠤᠨ ᠵᠤᠬᠢᠴᠠᠯ ᠶᠤᠮ ᠪᠠᠶᠢᠵᠠᠢ ᠃ ᠮᠤᠩᠭᠤᠯ ᠪᠦᠬᠡ ᠤᠬᠠᠭᠠᠨ ᠰᠤᠶᠢᠵᠤ ᠬᠦᠴᠦ ᠰᠢᠯᠭᠠᠳᠠᠭ ᠢᠶᠠᠷ ᠢᠶᠠᠨ | ᠪᠦᠬᠡᠴᠢᠨ ᠢ ᠠᠶᠢᠬᠤᠪᠳᠤᠷ ᠰᠢᠯᠢᠳᠡᠭᠵᠢᠭᠦᠯᠵᠦ᠂ ᠮᠦᠰᠦ ᠴᠢᠨᠠᠷ ᠢ ᠨᠢ ᠳᠡᠪᠳᠡᠨ ᠳᠠᠪᠲᠠᠭᠰᠠᠭᠠᠷ ᠬᠡᠷᠡᠯ | ᠰᠠᠭᠤᠯᠭᠠᠳᠠᠭ ᠳᠤᠯᠠ ᠰᠠᠶᠢᠨ ᠪᠦᠬᠡᠴᠢᠳ ᠲᠤ ᠮᠠᠭᠤ ᠬᠦᠮᠦᠨ ᠦᠭᠡᠢ ᠂ ᠮᠠᠭᠤ ᠬᠦᠮᠦᠨ ᠰᠠᠶᠢᠨ ᠪᠦᠬᠡ | ᠪᠤᠯᠵᠤ ᠳᠡᠶᠢᠯᠳᠡᠭ ᠦᠭᠡᠢ ᠶᠤᠮ ᠪᠠᠶᠢᠵᠠᠢ᠃ | ᠬᠤᠶᠠᠷ ᠂ ᠪᠦᠬᠡᠴᠢᠳ ᠰᠤᠷᠢᠭ᠎ᠠ ᠪᠤᠯᠪᠠᠰᠤᠷᠠᠯ ᠢᠶᠠᠨ ᠲᠠᠰᠤᠷᠠᠯᠲᠠ ᠦᠭᠡᠢ ᠴᠢᠩᠭᠠᠳᠬᠠᠬᠤ ᠪᠠᠷ | ᠦᠯᠦ ᠪᠠᠷᠠᠨ ᠦᠪᠡᠷ ᠤᠨ ᠬᠡᠪ ᠪᠤᠯᠪᠠᠰᠤᠷᠠᠯ ᠤᠬᠠᠮᠰᠠᠷ ᠢᠶᠠᠨ ᠳᠡᠭᠡᠭᠰᠢᠯᠡᠭᠦᠯᠵᠦ ᠂ ᠬᠦᠮᠦᠨ ᠤ ᠨᠢᠳᠦᠨ | ᠳᠤ ᠦᠪᠡᠷ ᠢ ᠪᠠᠨ ᠭᠬᠢᠷ ᠦᠭᠡᠢ ᠠᠪᠴᠤ ᠶᠠᠪᠤᠬᠤ ᠶᠢᠨ ᠬᠠᠮᠲᠤ ᠬᠦᠮᠦᠨ ᠠᠴᠠ ᠲᠠᠯᠳᠠ ᠴᠦ | ᠦᠪᠡᠷ ᠢ ᠪᠠᠨ ᠳᠠᠩᠳᠠ ᠰᠢᠯᠢᠳᠡᠭᠵᠢᠭᠦᠯᠵᠦ ᠶᠠᠪᠤᠬᠤ ᠬᠡᠷᠡᠭᠲᠡᠢ᠃ ᠮᠠᠯᠴᠢᠨ ᠲᠦᠮᠡᠨ ᠮᠢᠨᠢ ᠪᠦᠬᠡᠴᠢᠳ | ᠤᠨ ᠢᠶᠠᠨ ᠪᠠᠷᠢᠯᠳᠤᠭᠠᠨ ᠢ ᠪᠠᠭ᠋ᠠᠷᠬᠠᠵᠤ ᠶᠠᠪᠤᠬᠤ ᠶᠢᠨ ᠳᠠᠭᠠᠤ ᠰᠤᠷᠲᠠᠯ᠂ ᠬᠢᠳᠡᠯ ᠢ ᠨᠢ ᠴᠦ | ᠪᠠᠶᠢᠩᠭᠤ ᠠᠵᠢᠵᠤ ᠶᠠᠪᠤᠳᠠᠭ ᠨᠢ ᠦᠨᠡᠨ ᠃ ᠨᠠᠶᠢᠷ ᠲᠤ ᠨᠤᠳᠤᠭ ᠤᠨ ᠲᠤᠮᠤᠭᠠᠲᠠᠳ ᠢᠳᠡ | ᠪᠠᠷᠢᠯᠳᠤᠵᠤ ᠶᠠᠪᠤᠭ᠎ᠠ ᠵᠠᠯᠠᠭᠤᠰ ᠤᠨ ᠪᠠᠷᠢᠯᠳᠤᠭᠠᠨ ᠢ ᠤᠷᠮ᠎ᠠ ᠲᠠᠢ ᠬᠠᠷᠠᠵᠤ ᠰᠠᠭᠤᠬᠤ ᠳᠤ ᠪᠠᠨ 《 | ᠤᠳᠤ ᠵᠢᠭᠠᠬᠠᠨ ᠲᠦᠯᠦᠪᠰᠢᠪᠡᠯ ᠰᠠᠶᠢᠨ ᠪᠦᠬᠡ ᠪᠤᠯᠤᠨ᠎ᠠ ᠳ᠋ᠠ 》 ᠭᠡᠯᠴᠡᠳᠡᠭ ᠨᠢ 《 ᠳᠠᠷᠤᠵᠤ | ᠳᠤᠭᠯᠠᠭᠠᠷᠠᠢ᠂ ᠬᠦᠦ ᠮᠢᠨᠢ᠂ ᠲᠠᠷᠤᠤ ᠶᠠᠪᠤᠪᠠᠯ ᠳᠠᠪᠰᠢᠨ᠎ᠠ 》 ᠭᠡᠳᠡᠭ ᠳᠠᠯᠳᠠ ᠢᠷᠦᠭᠡᠯ ᠪᠠᠶᠢᠵᠠᠢ ᠃ | ᠦᠷᠭᠦᠯᠵᠢ ᠦᠭᠡᠳᠡᠷᠡᠭ ᠪᠠᠶᠢᠵᠤ ᠂ ᠡᠷᠡᠭᠦᠯ ᠰᠠᠶᠢᠨ ᠰᠠᠶᠢᠬᠠᠨ ᠳᠠᠳᠬᠠᠯ ᠢᠶᠠᠷ ᠪᠡᠶ᠎ᠡ ᠪᠠᠨ ᠴᠢᠮᠡᠵᠦ | ᠶᠠᠪᠤᠬᠤ ᠨᠢ ᠪᠦᠬᠡᠴᠢᠳ ᠤᠨ ᠰᠤᠷᠢᠭ᠎ᠠ ᠪᠤᠯᠪᠠᠰᠤᠷᠠᠯ ᠤᠨ ᠴᠢᠨᠠᠷ ᠴᠢᠨᠰᠠᠭ᠎ᠠ ᠶᠢ ᠪᠠᠳᠤᠯᠠᠵᠤ ᠂ ᠤᠯᠠᠮ | ᠦᠨᠳᠦᠷ ᠠᠮᠵᠢᠯᠲᠠ ᠳᠤ ᠬᠦᠷᠬᠦ ᠳᠤ ᠠᠬᠢᠭᠤᠯᠬᠤ ᠨᠢ ᠯᠠᠪᠲᠠᠢ᠃ ᠪᠦᠬᠡᠴᠢᠳ ᠦᠨᠢᠳᠡ ᠶᠢᠨ | ᠲᠡᠪᠴᠢᠶᠡᠷᠢ ᠂ ᠦᠷᠭᠦᠯᠵᠢ ᠶᠢᠨ ᠴᠢᠷᠮᠠᠶᠢᠯᠭ᠎ᠠ ᠶᠢ ᠪᠠᠷᠢᠮᠳᠠᠯᠠᠬᠤ ᠬᠡᠷᠡᠭᠲᠡᠢ ᠃ ᠦᠵᠡᠭᠴᠢᠳ ᠢᠶᠠᠨ | ᠬᠦᠨᠳᠦᠳᠬᠡᠬᠦ ᠬᠡᠷᠡᠭᠲᠡᠢ᠃ | ᠭᠤᠷᠪᠠ ᠂ ᠪᠦᠬᠡ ᠶᠢᠨ ᠬᠢᠨᠠᠭᠴᠢ ᠮᠤᠩᠭᠤᠯ ᠪᠦᠬᠡ ᠶᠢᠨ ᠮᠡᠭᠡ ᠬᠢᠴᠡ ᠂ ᠪᠠᠷᠢᠴᠠ ᠂ | ᠳᠦᠷᠢᠮ ᠢ ᠰᠠᠶᠢᠨ ᠤᠶᠢᠯᠠᠭᠠᠵᠤ ᠮᠠᠳᠡᠭᠰᠡᠨ ᠰᠠᠭᠤᠷᠢᠨ ᠳᠡᠭᠡᠷ᠎ᠡ ᠲᠦᠪ ᠭᠤᠤᠯᠴᠢ ᠶᠢ ᠪᠠᠷᠢᠬᠤ ᠨᠢ ᠮᠠᠰᠢ | ᠴᠢᠬᠤᠯᠠ ᠶᠤᠮ᠃ ᠬᠢᠨᠠᠭᠴᠢ ᠶᠢᠨ ᠭᠤᠤᠯᠴᠢ ᠪᠤᠰᠤ ᠠᠴᠠ ᠪᠤᠯᠵᠤ ᠪᠦᠬᠡᠴᠢᠳ ᠤᠨ ᠬᠤᠭᠤᠷᠤᠨᠳᠤᠬᠢ | ᠡᠶ᠎ᠡ ᠡᠪ ᠡᠪᠳᠡᠷᠡᠨ ᠦᠵᠡᠭᠴᠢᠳ ᠤᠨ ᠳᠤᠷ᠎ᠠ ᠦᠭᠡᠶᠢᠴᠡᠯ ᠶᠢ ᠬᠦᠷᠬᠡᠬᠡᠳ ᠨᠠᠶᠢᠷ ᠤᠨ ᠲᠠᠯᠠᠪᠠᠢ ᠶᠢᠨ ᠡᠶ᠎ᠡ | ᠵᠤᠬᠢᠴᠠᠯ ᠢ ᠦᠬᠡᠢ ᠬᠢᠳᠡᠭ ᠨᠢ ᠳᠠᠭᠠᠯᠠᠮᠵᠢ ᠲᠠᠢ ᠶᠠᠪᠤᠳᠠᠯ ᠪᠢᠰᠢ ᠳ᠋ᠠ ᠃ | ᠳᠦᠷᠪᠡ ᠂ ᠰᠤᠷᠭᠠᠭᠴᠢ ᠳᠠᠰᠬᠠᠯᠵᠢᠭᠤᠯᠤᠭᠴᠢ ᠨᠠᠷ ᠦᠪᠡᠷ ᠤᠨ ᠪᠡᠶ᠎ᠡ ᠪᠠᠷ ᠬᠡᠪ ᠳᠠᠭᠤᠷᠢᠶᠠᠯ | ᠪᠤᠯᠬᠤ ᠶᠢᠨ ᠬᠠᠮᠳᠤ᠂ ᠱᠠᠪᠢ ᠨᠠᠷ ᠢᠶᠠᠨ ᠢᠶᠠᠨ ᠪᠠᠶᠢᠩᠭᠤ ᠲᠠᠰᠢᠭᠤᠷᠳᠠᠵᠤ ᠪᠠᠶᠢᠬᠤ ᠨᠢ ᠲᠡᠳᠡᠨ ᠤ | ᠳᠠᠪᠰᠢᠯᠲᠠ ᠶᠢ ᠠᠬᠢᠭᠤᠯᠳᠠᠭ᠃ ᠲᠡᠶᠢᠮᠦ ᠴᠦ ᠤᠴᠢᠷ ᠠᠴᠠ 《 ᠴᠢᠩᠭ᠎ᠠ ᠪᠠᠭᠰᠢ ᠠᠴᠠ ᠰᠠᠶᠢᠨ | ᠰᠤᠷᠤᠭᠴᠢ 》 ᠭᠡᠯᠴᠡᠳᠡᠭ ᠃ ᠬᠦᠮᠦᠨ ᠪᠤᠯᠬᠤ ᠶᠢᠨ ᠶᠤᠰᠤ ᠵᠦᠢ ᠂ ᠪᠦᠬᠡ ᠪᠤᠯᠬᠤ ᠶᠢᠨ ᠤᠷ᠎ᠠ ᠳᠠᠮ | ᠢ ᠤᠴᠢᠷᠯᠠᠵᠤ ᠶᠠᠪᠤᠳᠠᠭ ᠢᠶᠠᠷ ᠢᠶᠠᠨ ᠰᠤᠷᠭᠠᠭᠴᠢ ᠶᠢᠨ ᠠᠵᠢᠯ ᠬᠠᠳᠠᠭᠤᠵᠢᠯᠲᠠᠢ ᠂ ᠬᠦᠨᠳᠦᠳᠬᠡᠭᠦᠰᠢᠲᠠᠢ | ᠃ | ᠲᠠᠪᠤ ᠂ ᠦᠵᠡᠭᠴᠢᠳ ᠮᠢᠨᠢ ᠵᠦᠪ ᠦᠵᠡᠵᠦ ᠵᠦᠪ ᠦᠨᠡᠯᠡᠵᠦ ᠴᠢᠳᠠᠭᠰᠠᠨ ᠪᠠᠶᠢᠬᠤ ᠬᠡᠷᠡᠭᠲᠡᠢ | ᠃ ᠪᠦᠬᠡᠴᠢᠳ ᠲᠤ ᠪᠠᠨ ᠤᠷᠮ᠎ᠠ ᠬᠠᠶᠢᠷᠠᠯᠠᠵᠤ ᠂ ᠢᠳᠡᠭᠡᠯ ᠤᠯᠭᠤᠳᠠᠭ ᠨᠢ ᠦᠷᠭᠡᠨ ᠤᠯᠠᠨ | ᠦᠵᠡᠭᠴᠢᠳ ᠪᠢᠯᠡ᠃ ᠬᠦᠨᠳᠦᠳᠬᠡᠯ ᠪᠤᠯ ᠠᠯᠳᠠ ᠠᠴᠠ ᠦᠨᠡᠳᠡᠢ ᠂ ᠪᠦᠬᠡᠴᠢᠳ ᠢᠶᠠᠨ ᠭᠠᠳᠠᠨ᠎ᠠ | ᠳᠤᠳᠤᠨ᠎ᠠ ᠶᠢᠨ ᠭᠡᠵᠦ ᠭᠠᠳᠠᠭᠤᠷᠴᠢᠯᠠᠯ ᠦᠭᠡᠢ ᠂ ᠦᠪᠡᠷ ᠤᠨ ᠭᠡᠵᠦ ᠦᠪᠡᠷᠴᠢᠯᠡᠯ ᠦᠭᠡᠢ ᠂ ᠬᠠᠯᠬ᠎ᠠ | ᠬᠡᠵᠦ ᠬᠤᠯᠠᠳᠠᠭᠤᠯᠤᠯ ᠦᠭᠡᠢ ᠃᠃᠃ ᠬᠠᠯᠠᠭᠤᠨ ᠡᠯᠢᠬᠡᠨ ᠪᠦᠭᠦᠳᠡᠭᠡᠷ ᠢᠶᠠᠨ ᠬᠡᠶᠢᠮᠦᠷᠢ ᠪᠤᠰᠤᠭ᠎ᠠ ᠂ | ᠵᠤᠷᠢᠭ ᠬᠠᠲᠠᠭᠤ ᠬᠦᠮᠦᠰ ᠶᠤᠮ ᠭᠡᠵᠦ ᠬᠦᠨᠳᠦᠯᠡᠵᠦ ᠪᠠᠶᠢᠭᠠᠷᠠᠢ ︕ ᠲᠡᠭᠡᠪᠡᠯ ᠪᠦᠬᠡᠴᠢᠳ ᠮᠠᠨᠢ ᠴᠦ | ᠲᠠᠨᠠᠷ ᠢ ᠵᠤᠴᠢᠨᠰᠠᠭ ᠂ ᠶᠤᠰᠤᠷᠬᠠᠭ ᠬᠦᠮᠦᠰ ᠪᠠᠶᠢᠨ᠎ᠠ ᠡ ᠭᠡᠵᠦ ᠪᠠᠭ᠋ᠠᠳᠤᠵᠤ ᠬᠦᠨᠳᠦᠯᠡᠬᠦ ᠶᠤᠮ ᠃ | ᠵᠢᠷᠭᠤᠭ᠎ᠠ ᠂ ᠪᠦᠬᠡ ᠶᠢᠨ ᠳᠦᠷᠢᠮ ᠤᠨ ᠪᠠᠶᠢᠭᠤᠯᠤᠯᠳᠠ ᠶᠢ ᠴᠢᠩᠭᠠᠳᠬᠤᠬᠤ ᠬᠡᠷᠡᠭᠲᠡᠢ ᠃ | ᠳᠦᠷᠢᠮ ᠤᠨ ᠴᠤᠭᠤᠷᠬᠠᠢ ᠪᠠᠷ ᠳᠡᠮᠡᠢ ᠪᠠᠯᠠᠢ ᠵᠦᠢᠯ ᠰᠢᠷᠭᠤᠯᠠᠳᠠᠭ ᠶᠤᠮ᠂ ᠪᠦᠬᠡ ᠶᠢᠨ ᠨᠢᠭᠲᠠ | ᠴᠢᠩᠭ᠎ᠠ ᠳᠦᠷᠢᠮ ᠭᠤᠷᠢᠮ ᠳᠤᠭᠲᠠᠭᠠᠵᠤ᠂ ᠪᠦᠬᠡ ᠶᠢᠨ ᠪᠠᠷᠢᠯᠳᠤᠭᠠᠨ ᠢ ᠤᠯᠠᠮ ᠦᠵᠡᠰᠬᠦᠯᠡᠩ ᠲᠠᠢ ᠂ | ᠨᠠᠶᠢᠷ ᠤᠨ ᠲᠠᠯᠠᠪᠠᠢ ᠶᠢ ᠤᠯᠠᠮ ᠡᠶ᠎ᠡ ᠵᠤᠬᠢᠴᠠᠯ ᠲᠠᠢ ᠪᠤᠯᠭᠠᠪᠠᠯ ᠵᠤᠬᠢᠨ᠎ᠠ᠃ | ᠮᠤᠩᠭᠤᠯ ᠪᠦᠬᠡ ᠬᠡᠵᠦ ᠪᠠᠶᠠᠰᠬᠤᠯᠠᠩᠳᠠᠢ ᠬᠡᠶᠢᠮᠦᠷᠢᠯᠢᠭ ᠂ ᠮᠠᠰᠢ ᠲᠠᠯᠲᠠ ᠂ ᠪᠦᠷ ᠴᠦ | ᠨᠢᠭᠤᠴᠠᠬᠠᠢ ᠂ ᠤᠵᠤᠭᠤᠷ ᠡᠷᠳᠡᠨ ᠤ ᠂ ᠪᠠᠰᠠ ᠴᠦ ᠤᠳᠤ ᠶᠢᠨ ᠂ ᠮᠦᠨ ᠴᠦ ᠢᠷᠡᠬᠡᠳᠦᠢ ᠶᠢᠨ | ᠮᠤᠩᠭᠤᠯ ᠰᠤᠶᠤᠯ ᠤᠨ ᠤᠬᠢ ᠲᠠᠯᠠᠰᠲᠤ ᠶᠤᠮ ᠳ᠋ᠠ᠂ ᠮᠤᠩᠭᠤᠯᠴᠤᠳ ᠮᠠᠨᠢ ᠳᠡᠭᠡᠳᠦᠯᠡᠵᠦ ᠴᠢᠳᠠᠭᠠᠳ | ᠳᠡᠪᠢᠵᠦ ᠴᠢᠳᠠᠪᠠᠯ ᠮᠤᠩᠭᠤᠯ ᠪᠦᠬᠡ ᠮᠢᠨᠢ ᠠᠰᠤᠷᠤ ᠬᠦᠭᠵᠢᠯ ᠢᠶᠠᠨ ᠤᠯᠬᠤ ᠨᠢ ᠳᠤᠯᠳᠤ ᠵᠢᠷᠦᠬᠡᠨ ᠳᠤ | ᠮᠢᠨᠢ ᠮᠡᠳᠡᠷᠡᠭᠳᠡᠵᠤ ᠪᠠᠶᠢᠨ᠎ᠠ᠃ | | | | | |