| ᠬᠠᠶᠢᠷ᠎ᠠ ᠰᠡᠳᠬᠢᠯᠭᠡ ᠶᠢ ᠠᠷᠢᠬᠢ ᠤᠤᠭᠤᠵᠤ ᠲᠠᠶᠢᠯᠬᠦ ᠬᠡᠮᠵᠢᠶ᠎ᠡ ᠪᠠᠷ ᠬᠡᠮᠵᠢᠶᠡᠯᠡᠬᠦ ᠳᠤ ᠬᠦᠷᠪᠡᠯ᠂ ᠡᠨᠡ ᠨᠢ | ᠨᠡᠭᠡᠷᠡᠨ ᠬᠠᠶᠢᠷ᠎ᠠ ᠰᠡᠳᠬᠢᠯᠭᠡ ᠶᠢᠨ ᠢᠯᠡᠷᠡᠭᠦᠯᠦᠯ ᠪᠤᠯᠵᠤ ᠴᠢᠳᠠᠨ᠎ᠠ ᠤᠤ︖ ᠠᠭᠤᠯᠵᠠᠪᠠᠯ ᠠᠷᠢᠬᠢ ᠭᠠᠷᠭᠠᠵᠤ᠂ | ᠤᠴᠠᠷᠠᠪᠠᠯ ᠬᠤᠨᠳᠠᠭ᠎ᠠ ᠮᠦᠷᠭᠦᠭᠦᠯᠵᠤ ᠬᠠᠶᠢᠷ᠎ᠠ ᠰᠡᠳᠬᠢᠯᠭᠡ ᠪᠠᠨ ︽ᠢᠯᠡᠳᠭᠡᠬᠦ︾ ᠪᠤᠶᠤ ︽ᠵᠤᠵᠠᠭᠠᠳᠬᠠᠬᠤ︾ ᠪᠠᠷ | ᠱᠠᠭᠠᠷᠳᠠᠬᠤ ᠦᠵᠡᠭᠳᠡᠯ ᠲᠠᠢ ᠤᠯᠠᠨ ᠬᠠᠷᠭᠤᠯ᠎ᠠ᠃ ᠲᠡᠭᠡᠪᠡᠯ ᠠᠷᠢᠬᠢ ᠨᠢ ᠦᠨᠡᠨᠬᠦ ᠲᠡᠶᠢᠮᠦ ᠦᠨᠳᠦᠷ ᠪᠠᠶᠢᠷᠢ ᠶᠢᠨ | ᠦᠢᠯᠡᠳᠦᠯ ᠲᠠᠢ ᠭᠡᠵᠢ ᠦᠦ︖ | ᠵᠢᠯ ᠴᠠᠭᠠᠨ ᠰᠠᠷ᠎ᠠ ᠪᠠᠷ ᠭᠡᠷ ᠲᠤ ᠢᠷᠡᠭᠰᠡᠨ ᠭᠡᠶᠢᠴᠢᠨ ᠵᠤᠴᠢᠳ ᠢᠶᠠᠨ ᠵᠠᠪᠠᠯ ᠠᠷᠢᠬᠢ ᠪᠠᠷ ᠳᠠᠶᠢᠯᠠᠬᠤ | ᠬᠡᠷᠡᠭᠳᠡᠢ ᠭᠡᠬᠦ ᠰᠢᠭ ᠰᠤᠨᠢᠨ ︽ᠪᠠᠳᠤᠶᠤᠰᠤ︾ ᠬᠤᠳᠠ ᠬᠦᠳᠡᠭᠡ ᠶᠢᠨ ᠤᠯᠠᠨ ᠠᠶᠢᠯ ᠢᠶᠠᠷ ᠶᠠᠪᠤᠭᠳᠠᠨᠡ᠃ | ᠶᠠᠭᠤᠨ ᠳᠤ ᠵᠠᠪᠠᠯ ᠠᠷᠢᠬᠢ ᠳᠠᠷᠠᠰᠤ ᠪᠠᠷ ᠳᠠᠶᠢᠯᠠᠬᠤ ᠬᠡᠷᠡᠭ ᠲᠠᠢ ᠪᠤᠢ︖ ᠭᠡᠬᠦ ᠳᠤ ᠦᠭᠡᠢ ᠪᠤᠯ ᠢᠷᠡᠭᠰᠡᠨ | ᠵᠤᠴᠢᠨ ᠨᠢ ᠰᠠᠳᠬᠢᠯ ᠳᠤᠮᠳᠠᠭᠤᠷ ᠪᠤᠴᠠᠳᠠᠭ ᠭᠡᠨ᠎ᠡ᠃ ᠶᠠᠭ ᠡᠶᠢᠮᠦ ᠠᠴᠠ ᠴᠠᠭᠠᠨ ᠰᠠᠷ᠎ᠠ ᠪᠤᠯᠬᠤ ᠪᠠᠷ ᠡᠨᠡᠬᠦ ︽ | ᠪᠠᠳᠤᠶᠤᠰᠤ︾ ᠳᠤ ᠤᠷᠢᠶᠠᠬᠳᠠᠵᠤ ᠬᠡᠳᠦ᠋ᠢᠴᠢᠨᠡᠭᠡᠨ ᠬᠦᠮᠦᠨ ᠡᠷᠡᠭᠦᠯ ᠪᠡᠶ᠎ᠡ ᠪᠠᠨ ᠬᠠᠶᠢᠬᠤᠷᠤᠯ ᠦᠭᠡᠢ ᠠᠷᠢᠬᠢᠨ | ᠰᠢᠷᠡᠭᠡᠨ ᠳᠡᠭᠡᠷ᠎ᠡ ︽ᠳᠠᠰᠢᠭᠤᠷ︾ ᠨᠡᠮᠡᠵᠤ ᠯᠡ ᠪᠠᠶᠢᠳᠠᠭ᠃ | | | | | ᠤᠢᠢᠷ᠎ᠠ ᠶᠢᠨ ᠵᠢᠯ ᠠᠴᠠ ᠪᠠᠰᠠ ︽ᠬᠠᠮᠳᠤ ᠰᠤᠷᠤᠬᠴᠢ ᠶᠢᠨ ᠴᠤᠬᠯᠠᠭᠠᠨ︾ ᠭᠡᠵᠤ ᠦᠳᠡᠯᠦᠭᠰᠡᠨ | ᠵᠠᠯᠠᠭᠤ ᠶᠢᠨ ᠢᠯᠭᠠᠭ᠎ᠠ ᠦᠭᠡᠢ ᠶᠡᠭᠡ ᠬᠦᠯ ᠬᠦᠭᠡᠷᠴᠡᠭ ᠪᠤᠯᠬᠤ ᠪᠤᠯᠤᠯ᠎ᠠ᠃ ᠡᠨᠡ ᠨᠢ ᠦᠨᠡᠨᠳᠡᠭᠡᠨ ᠬᠠᠮᠳᠤ | ᠰᠤᠷᠤᠬᠴᠢ ᠶᠢᠨ ᠬᠠᠷᠢᠯᠴᠠᠭ᠎ᠠ ᠶᠠᠪᠤᠯᠴᠠᠭ᠎ᠠ ᠶᠢ ᠨᠢᠭᠲᠠᠷᠠᠭᠤᠯᠬᠤ ᠰᠠᠶᠢᠨ ᠶᠠᠪᠤᠳᠠᠯ᠃ ᠭᠡᠪᠡᠴᠦ ᠵᠠᠷᠢᠮ ᠴᠤᠬᠯᠠᠭᠠᠨ ᠨᠢ | ᠠᠷᠢᠬᠢᠨ ᠤ ᠭᠦᠨ ᠭᠤᠤ ᠳᠤ ︽ᠤᠨᠠᠵᠤ︾᠂ ᠠᠵᠢᠯ ᠶᠠᠪᠤᠳᠠᠯ᠂ ᠠᠮᠢᠳᠤᠷᠠᠯ ᠠᠬᠤᠢ ᠶᠢ ᠰᠠᠭᠠᠳᠠᠭᠠᠵᠤ ᠪᠠᠶᠢᠳᠠᠭ ᠨᠢ | ᠰᠤᠨᠤᠰᠳᠠᠵᠤ ᠪᠠᠶᠢᠨ᠎ᠠ᠃ ᠬᠡᠳᠦᠢ ᠵᠢᠯ ᠠᠭᠤᠯᠵᠠᠭ᠎ᠠ ᠦᠭᠡᠢ ᠬᠡᠳᠦᠨ ᠬᠠᠮᠳᠤ ᠰᠤᠷᠤᠬᠴᠢ ᠲᠠᠢ ᠪᠠᠨ ᠠᠭᠤᠯᠵᠠᠭᠠᠳ | ᠰᠡᠳᠬᠢᠯ ᠢᠶᠠᠨ ᠠᠭᠤᠵᠢᠷᠠᠳᠠᠯ᠎ᠠ ᠰᠠᠶᠢᠨ ᠨᠢᠭᠡ ᠵᠤᠭᠤᠬᠳᠠᠬᠤ ᠶᠢ ᠪᠤᠳᠤᠬᠤ ᠦᠭᠡᠢ᠂ ᠬᠠᠷᠢᠨ ᠠᠷᠢᠬᠢ ᠪᠠᠷᠢᠵᠤ | ᠱᠠᠯᠠᠬᠰᠠᠨ ᠳᠡᠭᠡᠷ᠎ᠡ ᠨᠢ ᠱᠠᠯᠠᠵᠤ ︽ᠡᠨᠡ ᠤᠷᠤᠢ ᠰᠤᠬᠳᠤᠬᠤ ᠦᠭᠡᠢ ᠪᠤᠯ ᠬᠠᠷᠢᠬᠤ ᠦᠭᠡᠢ︾᠂ ︽ᠰᠡᠳᠬᠢᠯ ᠨᠢ | ᠬᠤᠨᠳᠠᠭᠠᠨ ᠤ ᠢᠷᠤᠭᠠᠷ ᠲᠤ ᠪᠠᠶᠢᠨ᠎ᠠ︾ ᠭᠡᠬᠦ ᠮᠡᠳᠦ ᠪᠠᠷ ᠰᠢᠬᠠᠵᠦ ᠳᠤᠯᠭᠠᠬᠤ ᠦᠵᠡᠭᠳᠡᠯ ᠳᠠᠩᠳᠠ ᠭᠠᠷᠴᠤ ᠪᠠᠶᠢᠳᠠᠭ | ᠃ ᠡᠨᠡ ᠨᠢ ᠬᠠᠮᠳᠤ ᠰᠤᠷᠤᠬᠴᠢ ᠶᠢᠨ ᠬᠠᠶᠢᠷ᠎ᠠ ᠰᠡᠳᠬᠢᠯᠭᠡ ᠶᠢ ᠢᠯᠡᠳᠭᠡᠬᠦ ᠬᠡᠯᠪᠡᠷᠢ ᠪᠢᠰᠢ᠂ ᠬᠠᠷᠢᠨ ᠠᠷᠢᠬᠢᠨ ᠳᠤ | ᠰᠢᠨᠤᠬᠰᠠᠨ ᠤᠴᠢᠷ ᠯᠠ ᠪᠠᠶᠢᠬ᠎ᠠ ᠡ᠃ | ᠠᠷᠢᠬᠢ ᠬᠡᠳᠦᠷᠡᠳᠡᠯ᠎ᠠ ᠤᠤᠭᠤᠭᠠᠳ ᠪᠡᠶ᠎ᠡ ᠪᠠᠨ ᠵᠤᠪᠠᠭᠠᠵᠤ᠂ ᠬᠤᠳᠤᠭᠤᠳᠤ ᠬᠡᠳᠡᠰᠦ ᠭᠡᠳ ᠡᠮ ᠡᠷᠢᠭᠡᠳ | ᠬᠦᠶᠦᠳᠡᠭ ᠬᠦᠮᠦᠨ ᠢ ᠤᠯᠠᠨ ᠬᠠᠷᠠᠯ᠎ᠠ᠃ ᠢᠡᠭᠬᠢᠵᠤ ᠶᠡᠭᠡ ᠵᠤᠪᠠᠭ᠋ᠤ ᠶᠢ ᠨᠢ ᠬᠠᠷᠠᠭᠠᠳ ᠲᠠᠬᠢᠵᠤ ᠯᠡ ᠤᠤᠭᠤᠬᠤ | ᠦᠭᠡᠢ ᠪᠠᠶᠢᠬ᠎ᠠ ᠭᠡᠵᠤ ᠪᠤᠳᠤᠬᠤ ᠳᠤ᠂ ᠳᠡᠮᠡᠢ ᠬᠤᠶᠠᠷ ᠡᠳᠤᠷ ᠪᠤᠯᠬᠤ ᠦᠭᠡᠢ ᠬᠤᠶᠠᠷ ᠭᠤᠷᠪᠠᠭᠤᠯᠠ ᠪᠠᠨ ᠨᠡᠶᠢᠯᠡᠪᠡᠯ | ᠳᠠᠬᠢᠭᠠᠳ ᠯᠡ ᠶᠡᠭᠡ ᠬᠦᠨᠳᠤᠷᠳᠡᠭ ᠬᠦᠮᠦᠰ ᠮᠤᠩ ᠦᠭᠡᠢ ᠪᠠᠶᠢᠳᠠᠭ᠃ ᠵᠠᠷᠢᠮ ᠨᠢ ᠠᠷᠢᠬᠢ ᠤᠤᠭᠤᠪᠠᠯ ᠰᠠᠶ᠋ᠢ ᠦᠨᠡᠨ | ᠰᠡᠳᠬᠢᠯ ᠤᠨ ᠦᠭᠡ ᠪᠠᠨ ᠶᠠᠷᠢᠵᠤ ᠳᠡᠶᠢᠯᠦᠨ᠎ᠡ ᠬᠡᠳᠡᠭ᠃ ᠡᠷᠡᠭᠦᠯ ᠰᠠᠷᠠᠭᠤᠯ ᠦᠶ᠎ᠡ ᠳᠡᠭᠡᠨ ᠶᠠᠷᠢᠵᠤ ᠴᠢᠳᠠᠬᠰᠠᠨ | ᠦᠭᠡᠢ ᠦᠭᠡ ᠶᠢ ᠠᠷᠢᠬᠢ ᠤᠤᠭᠤᠵᠤ ᠤᠬᠠᠭᠠᠨ ᠪᠠᠯᠠᠷᠠᠬᠤ ᠦᠶ᠎ᠡ ᠳᠤ ᠬᠡᠯᠡᠵᠤ ᠴᠢᠳᠠᠨ᠎ᠠ ᠭᠡᠵᠤ ᠢᠳᠡᠭᠡᠭᠳᠡᠰᠢ ᠦᠭᠡᠢ | ᠃ ᠢᠳᠡᠭᠡᠯ ᠵᠤᠷᠢᠭ ᠢ ᠪᠢᠳᠡᠭᠡᠢ ᠠᠷᠢᠬᠢᠨ ᠠᠴᠠ ᠭᠤᠶᠤᠭᠠᠷᠠᠢ︕ ︽ᠠᠷᠢᠬᠢᠨ ᠤ ᠬᠦᠮᠦᠨ ᠤ ᠦᠭᠡ ᠶᠢ ᠦᠭᠡᠨ ᠳᠤ | ᠪᠦᠦ ᠪᠤᠳᠤ︕︾ ᠭᠡᠳᠡᠭ ᠦᠭᠡ ᠪᠠᠰᠠ ᠪᠠᠶᠢᠳᠠᠭ ᠰᠢᠦ︕ ᠪᠤᠳᠤᠬᠰᠠᠨ ᠰᠠᠨᠠᠬᠰᠠᠨ ᠢᠶᠠᠨ ᠠᠷᠢᠬᠢ ᠦᠭᠡᠢ | ᠰᠠᠶᠢᠬᠠᠨ ᠬᠡᠯᠡᠪᠡᠯ ᠠᠷᠢᠬᠢᠨ ᠤ ᠳᠠᠷᠠᠭ᠎ᠠ ᠶᠠᠷᠢᠬᠰᠠᠨ ᠠᠴᠠ ᠢᠯᠡᠬᠦᠦ ᠦᠨᠡᠳᠡᠢ ᠪᠢᠰᠢᠤ⁈ | ᠬᠠᠶᠢᠷ᠎ᠠ ᠰᠡᠳᠬᠢᠯᠭᠡ ᠪᠠ ᠠᠷᠢᠬᠢ ᠬᠤᠶᠠᠷ ᠦᠨᠡᠨᠳᠡᠭᠡᠨ ᠰᠢᠭᠤᠳ ᠬᠠᠷᠢᠴᠠᠭ᠎ᠠ ᠪᠠᠶᠢᠭ᠎ᠠ ᠦᠭᠡᠢ᠃ ᠠᠷᠢᠬᠢ | ᠪᠠ ᠬᠠᠶᠢᠷ᠎ᠠ ᠶᠢ ᠬᠤᠯᠪᠤᠵᠤ ᠪᠡᠶ᠎ᠡ ᠪᠠᠨ ᠪᠢᠳᠡᠭᠡᠢ ᠬᠠᠷᠠᠳᠠᠭᠠᠷᠠᠢ︕ ᠪᠤᠰᠤᠳ ᠢ ᠨᠡᠩ ᠴᠤ ᠪᠢᠳᠡᠭᠡᠢ ᠱᠠᠯᠠᠵᠤ | ᠰᠢᠬᠠᠭᠠᠷᠠᠢ︕ ᠦᠨᠡᠨ ᠰᠡᠳᠬᠢᠯ ᠠᠴᠠ ᠪᠠᠨ ᠨᠦᠭᠦᠭᠡᠳᠡᠬᠢ ᠪᠠᠨ ᠪᠤᠳᠤᠵᠤ ᠰᠠᠨᠠᠵᠤ ᠪᠠᠶᠢᠬᠤ ᠶᠤᠮ ᠪᠤᠯ᠂ ᠲᠡᠬᠦᠨ ᠤ | ᠡᠷᠡᠭᠦᠯ ᠮᠡᠨᠳᠦ᠂ ᠡᠩᠭᠡ ᠠᠮᠤᠭᠤᠯᠠᠩ ᠤᠨ ᠲᠦᠯᠦᠭᠡ ᠠᠷᠢᠬᠢ ᠳᠤᠲᠠᠭᠤ ᠡᠳ᠋ᠯᠡᠵᠦ᠂ ᠡᠷᠡᠭᠦᠯ ᠰᠠᠷᠠᠭᠤᠯ | ᠠᠮᠢᠳᠤᠷᠠᠬᠤ ᠶᠢ ᠨᠢ ᠢᠳᠬᠠᠵᠤ᠂ ᠵᠦᠩᠨᠡᠵᠦ ᠶᠠᠪᠤᠭᠠᠷᠠᠢ︕ |