| 1. ᠴᠢᠰᠦ ᠲᠤᠳᠠᠬᠤ᠄ ᠲᠡᠮᠦᠷ ᠲᠤᠳᠠᠬᠤ ᠨᠢ ᠴᠢᠰᠦ ᠲᠤᠳᠠᠬᠤ ᠬᠡᠮ ᠡᠭᠦᠰᠭᠡᠵᠦ᠂ ᠴᠢᠰᠦᠨ ᠰᠢᠩᠭᠡᠨ ᠤ | ᠲᠠᠷᠢᠬᠢᠨ ᠳᠤ ᠬᠦᠷᠭᠡᠭᠰᠡᠨ ᠬᠦᠴᠢᠯᠲᠦ᠋ᠷᠦᠭᠴᠢ ᠭᠡᠢ ᠨᠢ ᠬᠠᠷᠢᠴᠠᠩᠭᠤᠢ ᠪᠠᠷ ᠪᠠᠭᠠᠰᠤᠭᠰᠠᠨ ᠠᠴᠠ ᠬᠦᠮᠦᠨ ᠤ ᠴᠤᠭ | ᠵᠢᠪᠬᠤᠭ᠎ᠠ ᠪᠠᠭᠤᠷᠠᠵᠦ᠂ ᠲᠠᠷᠢᠬᠢ ᠬᠦᠳᠡᠯᠬᠦ ᠨᠢ ᠤᠳᠠᠭᠠᠰᠢᠷᠠᠵᠦ᠂ ᠪᠡᠶ᠎ᠡ ᠶᠢᠨ ᠡᠨᠡᠬᠦ ᠲᠤᠬᠢᠶ᠎ᠠ ᠶᠢ ᠤᠷᠮ᠎ᠠ | ᠰᠡᠳᠬᠢᠯᠭᠡ ᠳᠤ ᠲᠠᠮᠵᠢᠭᠤᠯᠤᠨ ᠦᠭᠬᠦᠭᠰᠡᠨ ᠠᠴᠠ ᠤᠷᠮ᠎ᠠ ᠦᠭᠡᠶᠢᠲᠡᠵᠦ᠂ ᠤᠴᠢᠷ ᠲᠤᠬᠢᠶᠠᠯᠳᠤᠪᠠᠯ ᠤᠴᠠᠭᠠᠷᠯᠠᠵᠦ᠂ | ᠨᠠᠵᠠᠭᠠᠢ ᠤᠪᠤᠷ ᠲᠠᠢ ᠪᠤᠯᠭᠠᠳᠠᠭ᠃ | ᠰᠠᠨᠠᠭᠤᠯᠤᠮᠵᠢ᠄ ᠬᠡᠷᠪᠡ ᠲᠡᠮᠦᠷ ᠲᠤᠲᠠᠵᠦ ᠪᠠᠶᠢᠪᠠᠯ ᠲᠡᠮᠦᠷ ᠨᠦᠬᠦᠪᠦᠷᠢᠯᠡᠬᠦ ᠬᠡᠷᠡᠭᠲᠡᠢ᠃ ᠠᠮᠢᠲᠠᠨ ᠤ ᠡᠯᠢᠭᠡ᠂ | ᠦᠷᠭᠡᠰᠦᠲᠦ ᠨᠤᠭᠤᠭ᠎ᠠ᠂ ᠴᠢᠪᠠᠭ᠎ᠠ ᠵᠡᠷᠭᠡ ᠲᠡᠮᠦᠷ ᠡᠯᠪᠡᠭ ᠠᠭᠤᠯᠤᠭᠳᠠᠬᠤ ᠢᠳᠡᠭᠡᠨ ᠢᠯᠡᠭᠦᠭᠡᠨ ᠢᠳᠡᠵᠦ᠂ ᠴᠢᠰᠦ | ᠲᠤᠳᠠᠵᠦ ᠪᠠᠶᠢᠭ᠎ᠠ ᠪᠠᠨ ᠠᠭᠠᠵᠢᠮ ᠢᠶᠠᠷ ᠵᠠᠰᠠᠪᠠᠯ᠂ ᠠᠭᠤᠷ ᠤᠴᠠᠭᠠᠷ ᠬᠦᠷᠬᠦ ᠨᠢ ᠨᠠᠮᠳᠠᠬᠤ ᠪᠤᠯᠤᠨ᠎ᠠ᠃ | 2. ᠪᠦᠭᠡᠷ᠎ᠡ ᠶᠢᠨ ᠭᠡᠢ᠄ ᠠᠮᠠᠷᠬᠠᠨ ᠠᠭᠤᠷᠯᠠᠳᠠᠭ ᠬᠦᠮᠦᠨ ᠡᠯᠢᠭᠡᠨ ᠬᠠᠯᠠᠭᠤᠨ ᠲᠠᠢ ᠪᠠᠶᠢᠳᠠᠭ᠂ ᠡᠨᠡ ᠨᠢ | ᠶᠠᠭ ᠪᠦᠭᠡᠷ᠎ᠡ ᠶᠢᠨ ᠭᠡᠢ ᠠᠴᠠ ᠪᠤᠯᠤᠭᠰᠠᠨ ᠶᠤᠮ᠃ ᠪᠦᠭᠡᠷ᠎ᠡ ᠶᠢᠨ ᠤᠰᠤᠨ ᠤ ᠰᠢᠨ᠎ᠡ ᠬᠠᠭᠤᠴᠢᠨ ᠤ | ᠰᠤᠯᠢᠯᠴᠠᠭ᠎ᠠ ᠶᠢᠨ ᠴᠢᠳᠠᠪᠤᠷᠢ ᠲᠤᠷᠤᠭᠰᠢᠯᠠᠵᠦ᠂ ᠴᠢᠰᠦᠨ ᠰᠢᠩᠭᠡᠨ ᠲᠤᠲᠤᠷᠠᠬᠢ ᠤᠰᠤ ᠤᠷᠤᠰᠴᠦ ᠭᠠᠷᠴᠦ ᠲᠡᠶᠢᠯᠬᠦ | ᠦᠭᠡᠢ ᠪᠤᠯᠵᠦ᠂ ᠴᠢᠰᠦ ᠦᠳᠭᠡᠷᠡᠨ᠂ ᠡᠯᠢᠭᠡ ᠪᠠᠷ ᠤᠷᠤᠰᠤᠨ ᠦᠡᠭᠭᠡᠷᠡᠬᠦ ᠦᠶᠡᠰ ᠡᠯᠢᠭᠡᠨ ᠤ ᠲᠠᠷᠤᠭᠠᠰᠦ ᠶᠢ | ᠬᠦᠨᠳᠦᠷᠡᠭᠦᠯᠦᠭᠰᠡᠨ ᠠᠴᠠ ᠡᠯᠢᠭᠡᠨ ᠬᠠᠯᠠᠭᠤᠨ ᠰᠠᠭᠤᠭᠰᠠᠨ ᠪᠠᠶᠢᠨ᠎ᠠ᠃ | ᠰᠠᠨᠠᠭᠤᠯᠤᠮᠵᠢ᠄ ᠪᠦᠭᠡᠷ᠎ᠡ ᠶᠢᠨ ᠬᠡᠢ ᠶᠢ ᠪᠦᠭᠡᠷ᠎ᠡ ᠶᠢᠨ ᠠᠷᠭ᠎ᠠ ᠭᠡᠢ ᠪᠠ ᠪᠦᠭᠡᠷ᠎ᠡ ᠶᠢᠨ ᠪᠢᠯᠢᠭ ᠬᠡᠢ ᠭᠡᠵᠦ | ᠬᠤᠪᠢᠶᠠᠵᠦ᠂ ᠪᠦᠭᠡᠷ᠎ᠡ ᠶᠢᠨ ᠠᠷᠭ᠎ᠠ ᠬᠡᠢ ᠨᠢ ᠬᠦᠢᠲᠡᠨ ᠠᠴᠠ ᠠᠶᠤᠵᠦ᠂ ᠪᠦᠭᠡᠷ᠎ᠡ ᠶᠢᠨ ᠪᠢᠯᠢᠭ ᠬᠡᠢ ᠨᠢ | ᠬᠠᠯᠠᠭᠤᠨ ᠠᠴᠠ ᠠᠶᠤᠳᠠᠭ᠃ ᠡᠨᠡᠬᠦ ᠬᠤᠶᠠᠷ ᠲᠦᠷᠦᠯ ᠤᠨ ᠡᠪᠡᠳᠴᠢᠨ ᠤ ᠢᠯᠡᠷᠡᠯ ᠢ ᠵᠠᠰᠠᠬᠤ ᠠᠷᠭ᠎ᠠ ᠨᠢ ᠴᠤ | ᠠᠳᠠᠯᠢ ᠪᠤᠰᠤ ᠪᠠᠶᠢᠳᠠᠭ᠃ ᠲᠡᠭᠡᠷᠡᠬᠢ ᠢᠯᠡᠷᠡᠯ ᠬᠦᠨᠳᠦ ᠨᠤᠴᠢᠲᠠᠢ ᠪᠠᠶᠢᠪᠠᠯ ᠡᠮᠴᠢ ᠪᠠᠷ ᠦᠵᠡᠭᠦᠯᠪᠡᠯ ᠵᠤᠬᠢᠨ᠎ᠠ᠃ | 3. ᠬᠤᠷᠮᠤᠨ ᠲᠡᠭᠰᠢ ᠪᠤᠰᠤ᠄ ᠶᠡᠷᠦᠳᠡᠭᠡᠨ ᠠᠪᠴᠦ ᠬᠡᠯᠡᠪᠡᠯ᠂ ᠡᠮᠡᠭᠲᠡᠶᠢᠴᠤᠳ ᠵᠢᠷᠮᠦᠰᠦᠨ ᠬᠤᠭᠤᠴᠠᠭ᠎ᠠ᠂ | ᠬᠦᠭᠰᠢᠷᠡᠬᠦ ᠦᠶ᠎ᠡ ᠪᠠ ᠰᠠᠷ᠎ᠠ ᠶᠢᠨ ᠭᠭᠢᠷ ᠤᠨ ᠬᠤᠭᠤᠴᠠᠭᠠᠨ ᠳᠤ ᠬᠤᠷᠮᠤᠨ ᠤ ᠬᠤᠪᠢᠷᠠᠯᠲᠠ ᠠᠴᠠ ᠪᠤᠯᠵᠦ | ᠰᠡᠵᠢᠭᠯᠡᠮᠡᠳᠡᠭᠡᠢ᠂ ᠵᠤᠪᠠᠮᠠᠲᠠᠭᠠᠢ ᠪᠤᠯᠵᠦ ᠠᠮᠠᠷᠬᠠᠨ ᠠᠭᠤᠷᠯᠠᠳᠠᠭ᠃ ᠬᠡᠪᠡᠴᠦ ᠡᠮᠡᠭᠲᠡᠶᠢᠴᠤᠳ ᠡᠨᠡᠬᠦ ᠬᠤᠭᠤᠴᠠᠭᠠᠨ ᠳᠤ | ᠪᠠᠶᠢᠬᠤ ᠦᠭᠡᠢ ᠴᠤ ᠬᠡᠰᠡᠨ ᠬᠤᠷᠮᠤᠨ ᠲᠡᠭᠰᠢ ᠪᠤᠰᠤ᠂ ᠲᠠᠷᠤᠢ ᠲᠤᠳᠤᠭᠠᠳᠦ ᠱᠦᠭᠦᠷᠡᠯ ᠵᠢᠮ᠎ᠡ ᠪᠠᠨ | ᠠᠯᠳᠠᠭᠰᠠᠨ ᠠᠴᠠ ᠪᠤᠯᠵᠦ ᠠᠭᠤᠷ ᠬᠦᠷᠴᠦ ᠪᠠᠶᠢᠭ᠎ᠠ ᠪᠠᠶᠢᠵᠦ ᠮᠡᠳᠡᠨ᠎ᠡ᠃ | ᠰᠠᠨᠠᠭᠤᠯᠤᠮᠵᠢ᠄ ᠡᠷᠡᠭᠦᠯ ᠪᠤᠰᠤ ᠢᠳᠡᠬᠦ ᠪᠠ ᠠᠮᠠᠷᠠᠬᠤ ᠲᠠᠳᠬᠠᠯ ᠨᠢ ᠲᠤᠳᠤᠭᠠᠳᠦ ᠱᠦᠭᠦᠷᠡᠯ ᠤᠨ | ᠰᠠᠮᠠᠭᠤᠷᠠᠯ ᠢ ᠡᠭᠦᠰᠭᠡᠳᠡᠭ᠂ ᠲᠡᠭᠡᠬᠦ ᠪᠠᠷ ᠢᠶᠠᠨ ᠡᠮᠡᠭᠳᠡᠶᠢᠴᠤᠳ ᠰᠦᠨᠢ ᠳᠤᠷᠰᠢ ᠠᠵᠢᠯᠯᠠᠬᠤ ᠪᠠᠨ ᠠᠯᠢ ᠪᠤᠯᠬᠤᠢᠢᠴᠠ | ᠴᠦᠬᠡᠳᠬᠡᠬᠦ᠂ ᠰᠠᠶᠢᠨ ᠤᠨᠳᠠᠵᠦ ᠠᠮᠠᠷᠠᠬᠤ ᠨᠢ ᠬᠤᠷᠮᠤᠨ ᠤ ᠱᠦᠭᠦᠷᠡᠯ ᠳᠤ ᠮᠠᠰᠢ ᠴᠢᠬᠤᠯᠠ ᠪᠠᠶᠢᠳᠠᠭ᠃ ᠮᠠᠷᠢᠶ᠎ᠠ | ᠰᠢᠭᠤᠷᠠᠭᠤᠯᠬᠤ ᠶᠢᠨ ᠲᠦᠯᠦᠭᠡ ᠵᠦᠪᠬᠡᠨ ᠢᠳᠡᠰᠢᠨ ᠨᠤᠭᠤᠭ᠎ᠠ᠂ ᠵᠢᠮᠢᠰ ᠢᠳᠡᠭᠡᠳ ᠯᠡ ᠪᠠᠶᠢᠵᠦ ᠪᠤᠯᠬᠤ ᠦᠭᠡᠢ᠂ | ᠮᠢᠬᠠᠨ ᠤ ᠲᠦᠷᠦᠯ ᠵᠡᠷᠭᠡ ᠬᠦᠮᠦᠨ ᠤ ᠪᠡᠶ᠎ᠡ ᠳᠤ ᠡᠷᠭᠡᠪᠰᠢ ᠱᠠᠭᠠᠷᠳᠠᠭᠳᠠᠬᠤ ᠰᠢᠮ᠎ᠡ ᠲᠡᠵᠢᠭᠡᠯᠲᠦ ᠢᠳᠡᠭᠡᠨ ᠢ ᠴᠤ | ᠢᠳᠡᠬᠦ ᠬᠡᠷᠡᠭᠲᠡᠢ᠃ | 4. ᠸᠢᠲ᠋ᠠᠮᠢᠨ B ᠲᠤᠳᠠᠬᠤ᠄ ᠸᠢᠲ᠋ᠠᠮᠢᠨ B ᠨᠢ ᠬᠦᠮᠦᠨ ᠤ ᠮᠡᠳᠡᠷᠡᠯ ᠤᠨ ᠰᠢᠰᠲ᠋ᠧᠮ ᠢ ᠵᠠᠬᠢᠷᠴᠦ | ᠪᠠᠶᠢᠳᠠᠭ ᠠᠴᠠ ᠸᠢᠲ᠋ᠠᠮᠢᠨ B ᠲᠤᠳᠠᠭᠳᠠᠮᠠᠭᠴᠠ ᠮᠡᠳᠡᠷᠡᠯ ᠤᠨ ᠰᠢᠰᠲ᠋ᠧᠮ ᠤᠨ ᠲᠤᠭᠳᠠᠭᠤᠨ ᠢ ᠡᠪᠳᠡᠵᠦ᠂ ᠤᠷᠮ᠎ᠠ ᠶᠢ | ᠨᠦᠯᠦᠭᠡᠯᠡᠳᠡᠭ᠃ ᠬᠡᠷᠪᠡ ᠡᠮᠡᠭᠳᠡᠶᠢᠴᠤᠳ ᠤᠢᠢᠷ᠎ᠠ ᠶᠢᠨ ᠬᠤᠭᠤᠴᠠᠭᠠᠨ ᠳᠤ ᠢᠳᠡᠭᠡᠨ ᠤᠮᠳᠠᠭᠠᠨ ᠢᠶᠠᠨ ᠰᠠᠶᠢᠬᠠᠨ | ᠵᠤᠬᠢᠴᠠᠭᠤᠯᠤᠭᠰᠠᠨ ᠦᠭᠡᠢ ᠪᠠᠶᠢᠪᠠᠯ᠂ ᠡᠨᠡ ᠨᠢ ᠶᠠᠭ ᠰᠠᠶᠢᠬᠠᠨ ᠲᠠᠨ ᠤ ᠠᠭᠤᠷ ᠬᠦᠷᠴᠦ ᠪᠠᠶᠢᠭ᠎ᠠ ᠶᠢᠨ ᠰᠢᠯᠲᠠᠭᠠᠨ | ᠪᠤᠯᠤᠭᠰᠠᠨ ᠪᠠᠶᠢᠵᠦ ᠮᠡᠳᠡᠨ᠎ᠡ ᠰᠢᠦ︕ | ᠰᠠᠨᠠᠭᠤᠯᠤᠮᠵᠢ᠄ ᠸᠢᠲ᠋ᠠᠮᠢᠨ B ᠡᠯᠪᠡᠭ ᠠᠭᠤᠯᠤᠭᠳᠠᠬᠤ ᠢᠳᠡᠭᠡᠨ ᠮᠠᠰᠢ ᠤᠯᠠᠨ ᠪᠠᠶᠢᠳᠠᠭ᠂ ᠵᠢᠱᠢᠶᠡᠯᠡᠪᠡᠯ | ᠠᠮᠦ ᠪᠤᠳᠠᠭᠠᠨ ᠤ ᠲᠦᠷᠦᠯ᠂ ᠪᠤᠷᠴᠠᠭ ᠤᠨ ᠲᠦᠷᠦᠯ᠂ ᠠᠮᠢᠲᠠᠨ ᠤ ᠡᠯᠢᠭᠡ᠂ ᠢᠳᠡᠰᠢᠨ ᠨᠤᠭᠤᠭ᠎ᠠ ᠵᠡᠷᠭᠡ᠃ ᠡᠳᠡᠭᠡᠷ | ᠢᠳᠡᠭᠡᠨ ᠢ ᠢᠯᠡᠭᠦᠭᠡᠨ ᠢᠳᠡᠵᠦ ᠸᠢᠲ᠋ᠠᠮᠢᠨ B ᠨᠦᠬᠦᠪᠦᠷᠢᠯᠡᠬᠦ ᠶᠢ ᠰᠠᠨᠠᠭᠤᠯᠤᠶᠡ᠃ | 5. ᠴᠢᠰᠤᠨ ᠲᠠᠷᠤᠯᠲᠠ ᠦᠨᠳᠦᠷ᠄ ᠴᠢᠰᠤᠨ ᠲᠠᠷᠤᠯᠲᠠ ᠦᠨᠳᠦᠷ ᠡᠪᠡᠳᠴᠢᠨ ᠮᠠᠰᠢ ᠲᠦᠭᠡᠮᠡᠯ ᠪᠤᠯᠵᠠᠢ᠂ | ᠵᠠᠷᠢᠮ ᠨᠢ ᠤᠳᠤᠮᠯᠠᠯ ᠠᠴᠠ ᠪᠤᠯᠤᠭᠰᠠᠨ ᠴᠤ ᠵᠠᠷᠢᠮ ᠨᠢ ᠢᠳᠡᠭᠡᠨ ᠤ ᠲᠠᠯ᠎ᠡ ᠪᠠᠷ ᠠᠩᠬᠠᠷᠤᠭᠰᠠᠨ ᠦᠭᠡᠢ ᠠᠴᠠ | ᠪᠤᠯᠤᠭᠰᠠᠨ ᠶᠤᠮ᠃ ᠴᠢᠰᠦᠨ ᠲᠠᠷᠤᠯᠲᠠ ᠦᠨᠳᠦᠷ ᠡᠪᠡᠳᠴᠢᠲᠡᠨ ᠤ ᠴᠢᠰᠦᠨ ᠲᠠᠷᠤᠯᠲᠠ ᠨᠢ ᠬᠡᠵᠢᠶᠡᠳᠡ ᠦᠨᠳᠦᠷ | ᠬᠡᠰᠡᠨ ᠶᠠᠪᠤᠳᠠᠯ ᠪᠢᠰᠢ᠂ ᠲᠡᠷᠡ ᠨᠢ ᠵᠠᠷᠢᠮ ᠳᠠᠭᠠᠨ ᠬᠡᠯᠪᠡᠯᠵᠡᠵᠦ ᠪᠠᠶᠢᠳᠠᠭ᠃ ᠬᠡᠯᠪᠡᠯᠵᠡᠵᠦ ᠪᠠᠶᠢᠭ᠎ᠠ ᠴᠢᠰᠦᠨ | ᠲᠠᠷᠤᠯᠲᠠ ᠨᠢ ᠤᠷᠮ᠎ᠠ ᠰᠡᠳᠬᠢᠯᠭᠡ ᠶᠢᠨ ᠲᠤᠯᠬᠢᠰᠦᠯ ᠢ ᠡᠭᠦᠰᠭᠡᠳᠡᠭ᠂ ᠡᠶᠢᠮᠦ ᠠᠴᠠ ᠠᠮᠠᠷᠬᠠᠨ ᠠᠭᠤᠷᠯᠠᠳᠠᠭ ᠨᠢ | ᠴᠢᠰᠤᠨ ᠲᠠᠷᠤᠯᠲᠠ ᠦᠨᠳᠦᠷ ᠲᠠᠢ ᠬᠤᠯᠪᠤᠭ᠎ᠠ ᠲᠠᠢ ᠪᠠᠶᠢᠳᠠᠭ᠃ | ᠰᠠᠨᠠᠭᠤᠯᠤᠮᠵᠢ᠄ ᠶᠡᠷᠦ ᠶᠢᠨ ᠴᠠᠭ ᠤᠨ ᠢᠳᠡᠭᠡᠨ ᠤᠮᠳᠠᠭᠠᠨ ᠢᠶᠠᠨ ᠰᠢᠨᠵᠢᠯᠡᠬᠦ ᠤᠬᠠᠭᠠᠨᠴᠢ ᠪᠠᠷ | ᠲᠤᠬᠢᠷᠠᠭᠤᠯᠵᠦ᠂ ᠲᠤᠰᠤᠯᠢᠭ ᠬᠠᠯᠠᠭᠤᠨ ᠭᠤᠱᠤᠭᠤᠨ ᠲᠠᠪᠤᠰᠤᠯᠠᠭᠰᠠᠨ ᠢᠳᠡᠭᠡᠨ ᠢ ᠲᠤᠳᠠᠭᠤ ᠰᠢᠭ᠋ ᠢᠳᠡᠵᠦ᠂ | ᠲᠠᠳᠬᠠᠯ ᠪᠤᠯᠤᠭᠰᠠᠨ ᠴᠤ ᠠᠭᠠᠵᠢᠮ ᠢᠶᠠᠷ ᠬᠠᠯᠠᠪᠠᠯ ᠵᠤᠬᠢᠨ᠎ᠠ᠃ ᠲᠠᠪᠤᠰᠤ ᠶᠢ ᠬᠡᠲᠦᠷᠡᠲᠡᠯ᠎ᠡ ᠢᠳᠡᠪᠡᠯ ᠬᠡᠳᠡᠷᠬᠦ ᠪᠠᠨ | ᠮᠠᠭᠤ ᠦᠢᠯᠡᠳᠦᠯ ᠲᠠᠢ ᠪᠠᠶᠢᠵᠦ᠂ ᠠᠮᠠ ᠬᠠᠲᠠᠬᠤ ᠪᠠᠷ ᠪᠠᠷᠠᠬᠤ ᠦᠭᠡᠢ ᠪᠠᠰᠠ ᠴᠢᠰᠤᠨ ᠲᠠᠷᠤᠯᠲᠠ ᠶᠢ | ᠪᠠᠭᠤᠷᠠᠭᠤᠯᠬᠤ ᠳᠤ ᠬᠦᠴᠢᠷ ᠪᠤᠯᠵᠦ᠂ ᠡᠮ ᠠᠴᠠ ᠰᠠᠯᠬᠤ ᠳᠤ ᠬᠦᠴᠢᠷ ᠪᠤᠯᠳᠠᠭ᠃ | 6. ᠭᠠᠨᠭ᠍ᠰᠠᠷᠠᠬᠤ ᠭᠡᠮ᠄ ᠭᠠᠨᠭ᠍ᠰᠠᠷᠠᠬᠤ ᠭᠡᠮ ᠨᠢ ᠲᠤᠤᠷᠠᠬᠢ ᠮᠡᠲᠦ ᠢᠯᠡᠷᠡᠯ ᠲᠠᠢ ᠪᠠᠶᠢᠳᠠᠭ᠂ ᠡᠳᠦᠷᠵᠢᠨ | ᠭᠤᠨᠭ᠍ᠰᠦ᠋ᠢᠵᠦ᠂ ᠲᠡᠷᠢᠬᠢ ᠡᠷᠭᠢᠯᠳᠦᠬᠦ ᠨᠢ ᠤᠳᠠᠭᠠᠨ᠂ ᠤᠷᠮ᠎ᠠ ᠮᠠᠰᠢ ᠮᠠᠭᠤ ᠪᠠᠶᠢᠳᠠᠭ᠃ ᠬᠡᠷᠪᠡ ᠴᠢᠨᠦ ᠪᠡᠶ᠎ᠡ ᠲᠡᠭᠡᠷ᠎ᠡ | ᠡᠳᠡᠭᠡᠷ ᠢᠯᠡᠷᠡᠯ ᠲᠠᠢ ᠪᠠᠶᠢᠪᠠᠯ᠂ ᠴᠠᠭ ᠤᠨ ᠤᠷᠲᠦ ᠤᠬᠤᠷ ᠢ ᠠᠩᠬᠠᠷᠬᠤ ᠬᠡᠷᠡᠭᠲᠡᠢ᠂ ᠬᠡᠷᠪᠡ ᠡᠶᠢᠮᠦᠷᠬᠦ ᠢᠯᠡᠷᠡᠯ | ᠤᠷᠲᠦ ᠬᠤᠭᠤᠴᠠᠭ᠎ᠠ ᠦᠷᠭᠦᠯᠵᠢᠯᠡᠭᠰᠡᠨ ᠪᠠᠶᠢᠪᠠᠯ᠂ ᠭᠠᠨᠭ᠍ᠰᠠᠷᠠᠬᠤ ᠭᠡᠮ ᠤᠯᠤᠭᠰᠠᠨ ᠪᠠᠶᠢᠵᠦ ᠮᠡᠳᠡᠨ᠎ᠡ᠃ ᠬᠠᠷᠢᠨ | ᠵᠠᠷᠢᠮ ᠭᠠᠨᠭ᠍ᠰᠠᠷᠠᠬᠤ ᠭᠡᠮ ᠲᠠᠢ ᠡᠪᠡᠳᠴᠢᠲᠡᠨ ᠨᠢ ᠭᠤᠨᠭ᠍ᠰᠦ᠋ᠢᠵᠦ ᠯᠠᠪᠲᠠᠶᠢᠬᠤ ᠪᠢᠰᠢ ᠬᠠᠷᠢᠨ ᠡᠰᠡᠷᠬᠦ ᠪᠠᠷ ᠠᠭᠤᠷᠯᠠᠵᠦ | ᠲᠤᠭᠰᠢᠷᠠᠳᠠᠭ᠂ ᠡᠨᠡ ᠨᠢ ᠵᠦᠪᠬᠡᠨ ᠲᠡᠳᠡᠨᠤᠰ ᠤᠨ ᠦᠭᠡᠷ᠎ᠡ ᠨᠢᠭᠡᠨ ᠢᠯᠡᠷᠡᠯ ᠮᠦᠨ᠃ | ᠰᠠᠨᠠᠭᠤᠯᠤᠮᠵᠢ᠄ ᠭᠠᠨᠭ᠍ᠰᠠᠷᠠᠬᠤ ᠬᠡᠮ ᠨᠢ ᠬᠦᠨᠳᠦ ᠪᠠᠶᠢᠪᠠᠯ ᠰᠡᠳᠬᠢᠴᠡ ᠶᠢᠨ ᠡᠮᠴᠢ ᠪᠠᠷ ᠦᠵᠡᠭᠦᠯᠪᠡᠯ | ᠵᠤᠬᠢᠨ᠎ᠠ᠂ ᠬᠡᠷᠪᠡ ᠦᠷᠭᠦᠯᠵᠢᠯᠡᠭᠰᠡᠨ ᠬᠤᠭᠤᠴᠠᠭ᠎ᠠ ᠨᠢ ᠤᠷᠲᠦ ᠪᠢᠰᠢ ᠪᠤᠯ᠂ ᠡᠪᠡᠳᠴᠢᠨ ᠤᠯᠠᠮ ᠬᠦᠨᠳᠦᠷᠡᠬᠦ ᠠᠴᠠ | ᠰᠡᠷᠭᠡᠶᠢᠯᠡᠵᠦ᠂ ᠭᠡᠷ ᠤᠨ ᠬᠦᠮᠦᠰ ᠨᠢ ᠢᠯᠡᠭᠦᠭᠡᠨ ᠬᠠᠯᠠᠮᠵᠢᠯᠠᠵᠦ᠂ ᠢᠯᠡᠭᠦᠭᠡᠨ ᠰᠠᠨᠠᠯ ᠪᠤᠳᠤᠯ ᠢᠶᠠᠨ ᠰᠤᠯᠢᠯᠴᠠᠵᠦ᠂ | ᠭᠠᠳᠠᠭᠤᠷ ᠬᠠᠮᠲᠦ ᠰᠡᠯᠡᠭᠦᠴᠡᠨ ᠲᠤᠭᠤᠷᠢᠵᠦ᠂ ᠠᠩᠬᠠᠷᠤᠯ ᠢ ᠨᠢ ᠰᠢᠯᠵᠢᠭᠦᠯᠵᠦ᠂ ᠰᠡᠳᠬᠢᠯ ᠤᠨ ᠵᠠᠩᠭᠢᠷᠠᠭ᠎ᠠ ᠶᠢ ᠨᠢ | ᠠᠯᠳᠠᠷᠠᠭᠠᠬᠤ ᠬᠡᠷᠡᠭᠲᠡᠢ᠃ ᠬᠦᠮᠦᠨ ᠪᠦᠬᠦᠨ ᠠᠭᠤᠷ ᠤᠴᠠᠭᠠᠷ ᠬᠦᠷᠬᠦ ᠤᠴᠢᠷ ᠲᠤᠬᠢᠶᠠᠯᠳᠤᠯ ᠪᠤᠢ᠂ ᠬᠡᠳᠡᠯ᠎ᠡ | ᠠᠭᠤᠷᠯᠠᠬᠤ ᠳᠠᠭᠠᠨ ︽ᠬᠡᠮᠵᠢᠶ᠎ᠡ︾ ᠲᠠᠢ ᠪᠠᠶᠢᠪᠠᠯ ᠵᠤᠬᠢᠨ᠎ᠠ᠃ ᠬᠡᠷᠪᠡ ᠦᠷᠭᠦᠯᠵᠢ ᠠᠭᠤᠷᠯᠠᠭᠠᠳ ᠪᠠᠶᠢᠪᠠᠯ᠂ | ᠪᠠᠷᠬᠢᠷᠠᠵᠦ ᠲᠤᠩᠭᠤᠳᠤᠭᠰᠠᠨ ᠴᠤ ᠪᠤᠯᠤᠭ᠂ ᠲᠠᠭᠤ ᠴᠢᠮᠡᠭᠡ ᠦᠭᠡᠢ ᠨᠠᠮ ᠰᠠᠭᠤᠭᠰᠠᠨ ᠴᠤ ᠪᠤᠯᠤᠭ᠂ ᠠᠭᠤᠷ | ᠤᠴᠠᠭᠠᠷ ᠨᠢ ᠲᠠᠨ ᠳᠤ ᠡᠯ᠎ᠡ ᠵᠦᠢᠯ ᠤᠨ ᠡᠪᠡᠳᠴᠢᠨ ᠡᠮᠭᠡᠭ ᠠᠪᠴᠢᠷᠠᠵᠦ ᠦᠭᠬᠦ ᠪᠠᠷ ᠪᠠᠷᠠᠬᠤ ᠦᠭᠡᠢ ᠠᠵᠢᠯ | ᠠᠮᠢᠳᠤᠷᠠᠯ ᠢ ᠴᠢᠨᠢ ᠨᠦᠯᠦᠭᠡᠯᠡᠵᠦ ᠮᠡᠳᠡᠨ᠎ᠡ᠃ ᠲᠡᠭᠡᠬᠦ ᠪᠠᠷ ᠠᠮᠢᠳᠤᠷᠠᠯ ᠤᠨ ᠪᠠᠶᠠᠷ ᠵᠢᠷᠭᠠᠯ ᠢᠶᠠᠨ ᠡᠳ᠋ᠯᠡᠶ᠎ᠡ ᠭᠡᠪᠡᠯ | ᠰᠡᠳᠬᠢᠯ ᠰᠠᠨᠠᠭ᠎ᠠ ᠪᠠᠨ ᠠᠭᠤᠵᠢᠭᠤ ᠲᠡᠨᠢᠭᠦᠨ ᠪᠠᠶᠢᠯᠭᠠᠪᠠᠯ ᠵᠤᠬᠢᠨ᠎ᠠ︕ | |