| | ᠨᠠᠷᠠᠰᠤ ᠬᠡᠰᠢᠭᠲᠡᠨ ᠬᠤᠰᠢᠭᠤᠨ ᠤ ᠪᠠᠶᠠᠨᠴᠠᠭᠠᠨ ᠪᠦᠷᠢᠨ ᠪᠠᠭ᠎ᠠ ᠰᠤᠷᠭᠠᠭᠤᠯᠢ ᠶᠢᠨ ᠵᠠᠬᠢᠷᠤᠯ | | | ᠬᠤᠯᠪᠤᠭᠠᠨ ᠤ ᠤᠯᠠᠨ ᠲᠠ ᠪᠦᠬᠦᠨ ᠢᠶᠠᠷ ᠢᠶᠠᠨ ᠰᠠᠶᠢᠨ ᠪᠠᠶᠢᠨ᠎ᠠ ᠤᠤ︖ ᠡᠨᠡ ᠦᠳᠡᠰᠢ ᠡᠬᠡ ᠬᠡᠯᠡ ᠪᠠᠨ | ᠬᠠᠶᠢᠷᠠᠯᠠᠬᠤ ᠬᠤᠯᠪᠤᠭᠠᠨ ᠤ ᠲᠠᠪᠴᠠᠩ ᠢᠶᠠᠷ ᠲᠠ ᠨᠠᠷ ᠲᠠᠢ ᠵᠤᠯᠭᠠᠬᠤ ᠪᠤᠯᠤᠭᠰᠠᠨ ᠳᠤ ᠪᠠᠨ ᠲᠤᠩ ᠪᠠᠶᠠᠷᠲᠠᠢ ᠪᠠᠶᠢᠨ᠎ᠠ᠃ | ᠦᠨᠦᠳᠦᠷ ᠪᠢ ︿ᠬᠡᠦᠬᠡᠳ ᠢᠶᠠᠨ ᠪᠢᠳᠡ ᠨᠤᠮ ᠲᠠᠢ ᠬᠤᠯᠪᠤᠶ᠎ᠠ﹀ ᠭᠡᠬᠦ ᠰᠡᠳᠦᠪ ᠢᠶᠠᠷ ᠶᠠᠷᠢᠶ᠎ᠠ ᠬᠢᠬᠦ ᠪᠠᠷ ᠪᠠᠶᠢᠨ᠎ᠠ᠃ ᠲᠤᠰ | ᠶᠠᠷᠢᠶ᠎ᠠ ᠪᠠᠨ ᠪᠢ ︿ᠬᠡᠯᠡ ᠪᠠ ᠨᠤᠮ ᠤᠩᠰᠢᠬᠤ ᠶᠢᠨ ᠬᠤᠯᠪᠤᠭᠳᠠᠯ᠂ ᠬᠡᠦᠭᠡᠳ ᠤᠳ ᠤᠨ ᠮᠤᠩᠭᠤᠯ ᠨᠤᠮ ᠢᠶᠠᠨ ᠤᠩᠰᠢᠵᠤ | ᠪᠠᠶᠢᠭ᠎ᠠ ᠪᠠᠶᠢᠳᠠᠯ ᠤᠨ ᠲᠤᠬᠠᠢ ᠪᠠᠶᠢᠴᠠᠭᠠᠯᠲᠠ ᠵᠢᠴᠢ ᠰᠤᠷᠤᠭᠴᠢᠳ ᠤᠨ ᠨᠤᠮ ᠤᠩᠰᠢᠬᠤ ᠲᠤᠭ᠎ᠠ ᠬᠡᠮᠵᠢᠶ᠎ᠠ ᠶᠢ ᠶᠠᠭᠠᠬᠢᠵᠤ | ᠳᠡᠭᠡᠭᠰᠢᠯᠡᠭᠦᠯᠬᠦ ᠲᠤᠬᠠᠢ﹀ ᠬᠡᠬᠦ ᠭᠤᠷᠪᠠᠨ ᠲᠠᠯ᠎ᠠ ᠪᠠᠷ ᠶᠠᠷᠢᠶ᠎ᠠ ᠭᠡᠵᠦ ᠪᠤᠳᠤᠵᠤ ᠪᠠᠶᠢᠨ᠎ᠠ᠃ | ᠲᠡᠭᠡᠪᠡᠯ᠂ ᠲᠤᠰ ᠬᠦᠮᠦᠨ ᠬᠤᠷᠢᠭᠠᠳ ᠵᠢᠯ ᠪᠠᠭ᠎ᠠ ᠰᠤᠷᠭᠠᠭᠤᠯᠢ ᠶᠢᠨ ᠵᠢᠭᠠᠨ ᠰᠤᠷᠭᠠᠯᠲᠠ ᠳᠤ ᠪᠡᠶᠡᠳᠡᠨ | ᠤᠷᠤᠯᠴᠠᠭᠰᠠᠨ ᠤᠴᠢᠷ ᠠᠴᠠ ᠦᠨᠦᠳᠦᠷ ᠤᠨ ᠠᠭᠤᠯᠭ᠎ᠠ ᠪᠠᠨ ᠪᠠᠭ᠎ᠠ ᠰᠤᠷᠭᠠᠭᠤᠯᠢ ᠶᠢᠨ ᠬᠡᠦᠭᠡᠳ ᠤᠨ ᠤᠨᠴᠠᠯᠢᠭ | ᠪᠠᠶᠢᠳᠠᠯ ᠠᠴᠠ ᠡᠭᠦᠰᠴᠦ ᠶᠠᠷᠢᠶ᠎ᠠ︕ | ᠨᠢᠭᠡ᠂ ᠬᠡᠯᠡ ᠪᠠ ᠨᠤᠮ ᠤᠩᠰᠢᠬᠤ ᠶᠢᠨ ᠬᠤᠯᠪᠤᠭᠳᠠᠯ | ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠬᠡᠯᠡ ᠪᠢᠴᠢᠭ ᠢᠶᠠᠨ ᠵᠦᠪ ᠤᠩᠰᠢᠵᠤ᠂ ᠵᠦᠪ ᠪᠢᠴᠢᠵᠦ᠂ ᠵᠦᠪ | ᠬᠡᠷᠡᠭᠯᠡᠵᠦ ᠪᠠᠶᠢᠭ᠎ᠠ ᠬᠢᠷᠢ ᠲᠦᠪᠰᠢᠨ ᠨᠢ ᠲᠡᠭᠦᠨ ᠤ ᠨᠤᠮ ᠤᠩᠰᠢᠬᠤ ᠳᠠᠳᠬᠠᠯ ᠲᠠᠢ ᠰᠢᠭᠤᠳ ᠬᠤᠯᠪᠤᠭᠳᠠᠯ ᠲᠠᠢ ᠭᠡᠵᠦ | ᠦᠵᠡᠵᠦ ᠪᠤᠢ᠃ ᠲᠥᠩᠭᠡᠵᠢ ᠬᠢᠴᠢᠶᠡᠯ ᠪᠠᠭᠤᠮᠠᠭᠴᠠ ᠪᠤᠶᠤ ᠠᠮᠠᠷᠠᠯᠲᠠ ᠲᠠᠯᠪᠢᠮᠠᠭᠴᠠ ᠡᠳᠦᠷᠵᠢᠨ ᠲᠧᠯᠸᠢᠰ᠂ ᠺᠤᠮᠫᠢᠦ᠋ᠲ᠋ᠧᠷ | ᠱᠠᠭᠠᠶᠢᠨ᠂ ᠭᠠᠷ ᠤᠲᠠᠰᠤ ᠤᠷᠤᠯᠳᠤᠵᠤ ᠠᠳᠠᠭ ᠨᠠᠭᠠᠲᠤ ᠵᠠᠬ᠎ᠠ ᠳᠤ ᠪᠠᠨ ᠠᠬᠠᠮᠠᠳ ᠲᠤᠮᠤᠭ᠎ᠠ ᠲᠠᠢ ᠬᠦᠮᠦᠰ ᠭᠡᠷ ᠲᠤ ᠨᠢ | ᠤᠷᠤᠵᠤ ᠢᠷᠡᠬᠦ ᠳᠤ ᠠᠮᠤᠷ ᠠᠰᠠᠭᠤᠬᠤ ᠶᠢ ᠪᠠᠶᠢᠲᠤᠭᠠᠢ᠂ ᠲᠤᠯᠤᠭᠠᠢ ᠡᠷᠭᠦᠨ ᠳᠡᠭᠰᠢ ᠬᠠᠷᠠᠬᠤ ᠴᠦ ᠴᠢᠯᠦᠭᠡ ᠦᠭᠡᠢ | ᠦᠨᠦᠳᠦᠷ ᠤᠨ ᠮᠠᠨ ᠤ ᠬᠡᠦᠬᠡᠳ ᠤᠳ ᠲᠤ ᠡᠬᠡ ᠬᠡᠯᠡ ᠲᠠᠢ ᠪᠠᠨ ᠠᠭᠤᠯᠵᠠᠵᠤ ᠵᠤᠯᠭᠠᠬᠤ ᠴᠠᠭ ᠶᠠᠭᠠᠬᠢᠬᠤ ᠶᠢᠨ ᠠᠷᠭ᠎ᠠ | ᠦᠭᠡᠢ ᠴᠦᠬᠡᠨ ᠪᠠᠶᠢᠨ᠎ᠠ᠃ ᠨᠡᠩ ᠢᠯᠠᠩᠭᠤᠶ᠎ᠠ ᠡᠬᠡ ᠬᠡᠯᠡ ᠪᠠᠨ ᠤᠩᠰᠢᠵᠤ ᠡᠬᠡ ᠬᠡᠯᠡ ᠪᠠᠨ ᠪᠢᠴᠢᠬᠦ ᠴᠠᠭ ᠭᠡᠪᠡᠯ ᠭᠠᠷᠠᠭ | ᠪᠦᠷᠢ ᠶᠢᠨ ︿ᠠᠷᠪᠠᠨ᠂ ᠳᠦᠴᠢᠨ ᠮᠢᠨᠦ᠋ᠲ﹀ ᠠᠴᠠ ᠪᠤᠰᠤᠳ ᠴᠠᠭ ᠦᠨᠳᠦᠰᠦᠨ ᠳᠤ ᠪᠠᠨ ᠦᠭᠡᠢ ᠪᠤᠯᠵᠠᠢ᠃ ᠮᠠᠨ ᠤ | ᠮᠤᠩᠭᠤᠯ ᠬᠡᠦᠬᠡᠳ ᠤᠳ ᠤᠨ ᠬᠡᠯᠡ ᠪᠢᠴᠢᠭ ᠢᠶᠠᠨ ᠤᠩᠰᠢᠵᠤ ᠪᠠᠶᠢᠭ᠎ᠠ ᠪᠢᠴᠢᠵᠦ ᠪᠠᠶᠢᠭ᠎ᠠ ᠴᠠᠭ ᠴᠤᠬᠤᠮ ᠬᠡᠳᠦᠢ ᠪᠠᠶᠢᠳᠠᠭ | ᠪᠤᠢ︖ ᠲᠤᠤᠷ᠎ᠠ ᠪᠢ ᠳᠦᠬᠦᠮᠬᠡᠨ ᠪᠤᠳᠤᠭᠰᠠᠨ ᠪᠠᠶᠢᠳᠠᠯ ᠢᠶᠠᠨ ᠲᠠ ᠪᠦᠬᠦᠨ ᠳᠤ ᠲᠣᠯᠢᠳᠠᠭᠤᠯᠤᠶᠠ︕ | 1 ᠵᠢᠯ = 2 ᠰᠤᠷᠤᠯᠭ᠎ᠠ ᠶᠢᠨ ᠬᠤᠭᠤᠴᠠᠭ᠎ᠠ = 8 ᠰᠠᠷ᠎ᠠ = 240 ᠡᠳᠦᠷ =34 ᠭᠠᠷᠠᠭ = 340 | ᠬᠢᠴᠢᠶᠡᠯ =13600 ᠮᠢᠨᠦ᠋ᠲ = 227 ᠴᠠᠭ =11 ᠡᠳᠦᠷ᠃ ᠦᠭᠡᠷ᠎ᠡ ᠪᠠᠷ ᠬᠡᠯᠡᠪᠡᠯ ᠡᠬᠡ ᠬᠡᠯᠡ ᠪᠠᠨ ᠤᠩᠰᠢᠵᠤ | ᠪᠢᠴᠢᠵᠦ ᠪᠠᠶᠢᠭ᠎ᠠ ᠴᠠᠭ ᠦᠨᠳᠦᠰᠦᠨ ᠳᠤ ᠪᠠᠨ ᠨᠢᠬᠡ ᠵᠢᠯ ᠤᠨ ᠠᠷᠪᠠᠨ ᠨᠢᠭᠡᠨ ᠡᠳᠦᠷ ᠤᠨ ᠯᠠ ᠤᠷᠴᠢᠮ ᠪᠠᠶᠢᠨ᠎ᠠ᠃ | | ᠡᠶᠢᠮᠦ ᠪᠠᠶᠢᠳᠠᠯ ᠤᠨ ᠲᠤᠤᠷ᠎ᠠ ᠮᠤᠩᠭᠤᠯ ᠦᠭᠡ ᠪᠠᠨ ᠶᠠᠭᠠᠬᠢᠵᠤ ᠵᠦᠪ ᠤᠩᠰᠢᠵᠤ ᠵᠦᠪ ᠪᠢᠴᠢᠵᠦ ᠰᠤᠷᠴᠤ | ᠴᠢᠳᠠᠬᠤ ᠪᠤᠢ︖ ᠡᠶᠢᠮᠦ ᠬᠠᠳᠠᠭᠤ ᠪᠡᠷᠬᠡ ᠤᠷᠴᠢᠨ ᠳᠠᠬᠢ ᠮᠠᠨ ᠤ ᠬᠡᠯᠡᠨ ᠤ ᠪᠠᠭᠰᠢ ᠨᠠᠷ ᠤᠨ ᠵᠤᠪᠠᠯᠠᠩ ᠢ ᠬᠡᠨ | ᠤᠶᠢᠯᠠᠭᠠᠬᠤ ᠪᠤᠢ︖ ᠪᠦᠬᠦ ᠨᠡᠶᠢᠭᠡᠮ ᠬᠤᠪᠢᠷᠠᠵᠤ᠂ ᠴᠠᠭ ᠦᠶ᠎ᠡ ᠬᠤᠪᠢᠷᠠᠵᠤ ᠪᠠᠶᠢᠭ᠎ᠠ ᠡᠨᠡ ᠴᠠᠭ ᠦᠶ᠎ᠡ ᠳᠤ ᠪᠢᠳᠡ᠂ | ᠲᠡᠷᠡ ᠪᠦᠬᠦᠨ ᠢ ᠬᠤᠪᠢᠷᠠᠭᠤᠯᠵᠤ ᠠᠪᠴᠢᠷᠠᠵᠤ ᠴᠢᠳᠠᠬᠤ ᠦᠭᠡᠢ᠂ ᠴᠤᠯᠤ ᠮᠤᠩᠭᠤᠯ ᠠᠮᠢᠳᠤᠷᠠᠯ ᠢᠶᠠᠨ ᠡᠭᠡᠭᠦᠯᠵᠦ | ᠠᠪᠴᠢᠷᠠᠵᠤ ᠴᠢᠳᠠᠬᠤ ᠦᠭᠡᠢ ᠴᠦ ᠭᠡᠰᠡᠨ ᠨᠤᠮ ᠠᠴᠠ ᠰᠠᠯᠤᠭᠰᠠᠨ ᠬᠡᠦᠬᠡᠳ ᠢᠶᠠᠨ ᠪᠢᠳᠡ ᠡᠭᠡᠭᠦᠯᠵᠦ ᠠᠪᠴᠢᠷᠠᠵᠤ ᠴᠢᠳᠠᠨ᠎ᠠ | ᠭᠡᠵᠦ ᠪᠤᠳᠤᠵᠤ ᠪᠠᠶᠢᠨ᠎ᠠ᠃ ᠬᠡᠦᠬᠡᠳ ᠤᠳ ᠮᠢᠨᠢ ᠮᠤᠩᠭᠤᠯ ᠨᠣᠮ ᠢᠶᠠᠨ ᠤᠩᠰᠢᠬᠤ ᠲᠤᠷᠠᠳᠠᠢ᠂ ᠮᠤᠩᠭᠤᠯ ᠨᠤᠮ ᠲᠠᠢ ᠪᠠᠨ | ᠬᠠᠨᠢᠯᠠᠵᠤ ᠪᠠᠶᠢᠭᠰᠠᠨ ᠴᠠᠭ ᠲᠤ᠂ ᠡᠬᠡ ᠬᠡᠯᠡ ᠪᠠᠨ ᠵᠦᠪ ᠰᠠᠶᠢᠬᠠᠨ ᠬᠡᠷᠡᠭᠯᠡᠵᠦ ᠯᠠᠪ ᠴᠢᠳᠠᠨ᠎ᠠ ᠭᠡᠵᠦ ᠪᠢ ᠬᠤᠪᠢᠨ ᠳᠤ ᠪᠠᠨ | ᠦᠵᠡᠵᠦ ᠪᠤᠢ᠃ | ᠬᠤᠶᠠᠷ᠂ ᠮᠤᠩᠭᠤᠯ ᠨᠤᠮ ᠢᠶᠠᠨ ᠤᠩᠰᠢᠵᠤ ᠪᠠᠶᠢᠭ᠎ᠠ ᠪᠠᠶᠢᠳᠠᠯ ᠪᠠ ᠮᠤᠩᠭᠤᠯ ᠲᠧᠯᠸᠢᠰ ᠢᠶᠠᠨ ᠦᠵᠡᠬᠦ ᠲᠤᠷ᠎ᠠ | ᠪᠠᠬ᠎ᠠ ᠶᠢᠨ ᠲᠤᠬᠠᠢ ᠬᠢᠭᠰᠡᠨ ᠪᠠᠶᠢᠴᠠᠭᠠᠯᠲᠠ | ᠳᠡᠭᠡᠷ᠎ᠡ ᠭᠠᠷᠠᠭ ᠪᠢ ᠮᠠᠨ ᠤ ᠰᠤᠷᠭᠠᠭᠤᠯᠢ ᠶᠢᠨ ᠨᠢᠭᠡ ᠪᠠᠭᠰᠢ ᠪᠠᠨ ᠨᠠᠶᠢᠳᠠᠵᠤ ᠬᠤᠶᠡᠷ ᠬᠤᠪᠢ ᠪᠠᠶᠢᠴᠠᠭᠠᠯᠲᠠ | ᠬᠢᠯᠭᠡᠭᠰᠡᠨ ᠪᠠᠶᠢᠨ᠎ᠠ᠃ ᠨᠢᠭᠡ ᠨᠢ ᠭᠠᠷ ᠤᠲᠠᠰᠤ ᠪᠠᠷ ᠲᠤᠭᠯᠠᠬᠠᠤ᠂ ᠲᠧᠯᠸᠢᠰ ᠦᠵᠡᠬᠦ ᠪᠠ ᠨᠤᠮ ᠤᠩᠰᠢᠬᠤ ᠡᠨᠡ ᠭᠤᠷᠪᠠᠨ | ᠠᠵᠢᠯᠯᠠᠭᠠᠨ ᠤ ᠠᠯᠢᠨ ᠳᠤ ᠨᠢ ᠲᠤᠷ᠎ᠠ ᠪᠠᠭ᠋ᠠᠲᠠᠢ ᠪᠠᠶᠢᠬᠤ ᠲᠤᠬᠠᠢ ᠪᠠᠶᠢᠴᠠᠭᠠᠯᠲᠠ︔ ᠨᠦᠬᠦᠬᠡ ᠨᠢ ᠬᠢᠲᠡᠳ ᠮᠤᠩᠭᠤᠯ | ᠬᠤᠶᠠᠷ ᠲᠧᠯᠸᠢᠰ ᠤᠨ ᠠᠯᠢ ᠶᠢ ᠨᠢ ᠦᠵᠡᠬᠦ ᠲᠤᠷᠠᠲᠠᠢ ᠪᠠᠶᠢᠳᠠᠭ ᠲᠤᠬᠠᠢ ᠪᠠᠶᠢᠴᠠᠭᠠᠯᠲᠠ ᠪᠤᠯᠤᠨ᠎ᠠ᠃ | ᠡᠭᠦᠨ ᠢ ᠭᠤᠤᠯᠳᠠᠭᠤ ᠲᠦᠷᠪᠡ ᠲᠠᠪᠤᠳᠤᠭᠠᠷ ᠤᠨ ᠤ ᠲᠦᠴᠢᠭᠡᠳ ᠰᠤᠷᠤᠭᠴᠢ ᠶᠢᠨ ᠲᠤᠮᠳᠠ ᠬᠢᠭᠰᠡᠨ ᠶᠤᠮ᠃ | ᠲᠤᠰ ᠪᠠᠶᠢᠴᠠᠭᠠᠯᠲᠠ ᠠᠴᠠ ᠦᠵᠡᠪᠡᠯ 48 ᠬᠡᠦᠬᠡᠳ ᠤᠨ ᠳᠤᠮᠳᠠ ᠭᠠᠷ ᠤᠲᠠᠰᠤ ᠪᠠ ᠲᠧᠯᠸᠢᠰ ᠢ ᠨᠢᠭᠡᠳᠦᠭᠡᠷ ᠰᠤᠩᠭᠤᠯᠲᠠ | ᠪᠤᠯᠭᠠᠭᠰᠠᠨ ᠨᠢ 40 ᠬᠡᠦᠬᠡᠳ ᠪᠠᠶᠢᠵᠤ᠂ ᠮᠤᠩᠭᠤᠯ ᠨᠤᠮ ᠤᠩᠰᠢᠬᠤ ᠪᠠᠷ ᠨᠢᠭᠡᠳᠦᠭᠡᠷ ᠰᠤᠩᠭᠤᠯᠲᠠ ᠪᠤᠯᠭᠠᠭᠰᠠᠨ ᠨᠢ | ᠵᠦᠪᠬᠡᠨ 8 ᠰᠤᠷᠤᠭᠴᠢ ᠪᠤᠢ᠃ ︿ᠠᠯᠢ ᠲᠧᠯᠸᠢᠰ ᠢ ᠨᠢ ᠦᠵᠡᠬᠦ ᠲᠤᠷᠠᠲᠠᠢ ᠪᠤᠢ﹀ ᠬᠡᠬᠦ ᠪᠠᠶᠢᠴᠠᠭᠠᠯᠲᠠ ᠳᠤ 46 ᠬᠡᠦᠬᠡᠳ | ᠠᠴᠠ ᠮᠤᠩᠭᠤᠯ ᠲᠧᠯᠸᠢᠰ ᠢ ᠵᠦᠪᠬᠡᠨ 10 ᠬᠡᠦᠬᠡᠳ ᠰᠤᠩᠭᠤᠭᠰᠠᠨ ᠪᠠᠶᠢᠨ᠎ᠠ᠃ ᠳᠡᠭᠡᠬᠦ ᠮᠦᠷᠲᠡᠭᠡᠨ ᠡᠨᠡ ᠠᠷᠪᠠᠨ | ᠰᠤᠷᠤᠭᠴᠢ ᠶᠢᠨ ᠲᠤᠳᠤᠷ᠎ᠠ ᠠᠪᠤ ᠡᠵᠢ ᠪᠠᠨ ᠳᠠᠭᠠᠵᠤ ᠠᠷᠭ᠎ᠠ ᠦᠭᠡᠢ ᠦᠵᠡᠵᠦ ᠪᠠᠶᠢᠨ᠎ᠠ ᠭᠡᠰᠡᠨ ᠬᠦᠮᠦᠨ ᠪᠠᠰᠠ ᠨᠡᠯᠢᠶᠡᠳ | ᠪᠤᠢ᠃ ᠦᠨᠡᠨ ᠳᠤ ᠪᠠᠨ ᠡᠨᠡᠬᠦ ᠪᠠᠶᠢᠴᠠᠭᠠᠯᠲᠠ ᠶᠢ ᠬᠢᠭᠰᠡᠨ ᠴᠦ᠂ ᠬᠢᠭᠰᠡᠨ ᠦᠭᠡᠢ ᠴᠦ ᠡᠶᠢᠮᠦ ᠦᠷ᠎ᠡ ᠳ᠋ᠦᠩ ᠭᠠᠷᠤᠨ᠎ᠠ | ᠭᠡᠳᠡᠭ ᠢ ᠪᠢᠳᠠ ᠲᠤᠳᠤᠷᠬᠠᠢ ᠮᠡᠳᠡᠵᠦ ᠪᠠᠶᠢᠨ᠎ᠠ᠃ | ᠭᠡᠪᠡᠴᠦ ᠮᠢᠨᠦ ᠦᠵᠡᠬᠦ ᠪᠠᠷ ᠡᠨᠡ ᠪᠦᠬᠦᠨ ᠢ ᠪᠢᠳᠡ ᠪᠦᠷᠢᠮᠦᠰᠦᠨ ᠦᠭᠡᠷᠡᠴᠢᠯᠡᠬᠦ ᠪᠤᠯᠤᠯᠴᠠᠭ᠎ᠠ ᠦᠭᠡᠢ ᠴᠦ ᠭᠡᠰᠡᠨ | ᠬᠡᠷᠪᠡ ᠬᠠᠮᠲᠤ ᠪᠠᠷ ᠴᠢᠷᠮᠠᠶᠢᠳᠠᠭ ᠯᠠ ᠪᠤᠯ ᠬᠠᠮᠤᠭ ᠨᠠᠭᠠᠲᠤ ᠵᠠᠬ᠎ᠠ ᠳᠤ ᠪᠠᠨ ᠪᠢᠳᠠ ᠨᠤᠮ ᠪᠠ ᠬᠡᠦᠬᠡᠳ ᠤᠨ ᠢᠶᠠᠨ | ᠬᠤᠭᠤᠷᠤᠨᠳᠤᠬᠢ ᠵᠠᠢ ᠶᠢ ᠯᠠᠪ ᠤᠶᠢᠷᠠᠲᠤᠭᠤᠯᠵᠤ ᠴᠢᠳᠠᠨ᠎ᠠ᠃ | ᠭᠤᠷᠪᠠ᠂ ᠰᠤᠷᠤᠭᠴᠢᠳ ᠤᠨ ᠨᠤᠮ ᠤᠩᠰᠢᠬᠤ ᠲᠤᠭ᠎ᠠ ᠬᠡᠮᠵᠢᠶ᠎ᠠ ᠶᠢ ᠶᠠᠭᠠᠬᠢᠵᠦ ᠳᠡᠭᠡᠭᠰᠢᠯᠡᠭᠦᠯᠬᠦ ᠲᠤᠬᠠᠢ | ᠲᠦᠬᠦᠮ ᠰᠠᠨᠠᠯ | 1᠂ ᠲᠤᠮᠤᠴᠤᠤᠯ ᠦᠪᠡᠷ ᠤᠨ ᠪᠡᠶ᠎ᠡ ᠠᠴᠠ ᠪᠠᠨ ᠡᠬᠢᠯᠡᠵᠦ ᠨᠤᠮ ᠲᠠᠢ ᠤᠶᠢᠷᠠᠲᠤᠨ ᠬᠡᠦᠬᠡᠳ ᠢᠶᠠᠨ ᠨᠦᠯᠦᠭᠡᠯᠡᠨ᠎ᠡ | ᠃ ᠬᠡᠦᠬᠡᠳ ᠤᠳ ᠮᠢᠨᠢ ᠰᠤᠷᠭᠠᠭᠤᠯᠢ ᠳᠤ ᠪᠠᠨ ᠢᠷᠡᠪᠡᠯ ᠪᠠᠭᠰᠢ ᠶᠢᠨ ᠢᠶᠠᠨ ᠨᠤᠮ ᠤᠩᠰᠢᠬᠤ ᠶᠢ ᠦᠵᠡᠵᠦ ᠭᠡᠷ ᠲᠤ ᠪᠠᠨ | ᠬᠠᠷᠢᠪᠠᠯ ᠲᠤᠮᠤᠴᠤᠤᠯ ᠨᠢ ᠮᠤᠩᠭᠤᠯ ᠨᠤᠮ ᠢᠶᠠᠨ ᠤᠩᠰᠢᠵᠤ ᠪᠠᠶᠢᠪᠠᠯ ᠬᠡᠦᠬᠡᠳ ᠤᠨ ᠨᠤᠮ ᠤᠨ ᠲᠤᠬᠠᠢ ᠤᠶᠢᠯᠠᠭᠠᠯᠲᠠ ᠪᠠᠰᠠ | ᠤᠨᠳᠤᠤ ᠪᠤᠯᠬᠤ ᠪᠠᠶᠢᠬ᠎ᠠ᠃ ᠡᠬᠦᠨ ᠢ ᠪᠢᠳᠡ ᠪᠠᠭᠰᠢ ᠪᠠ ᠭᠡᠷ ᠤᠨ ᠠᠬᠠᠮᠠᠳ ᠤᠨ ᠬᠠᠷᠢᠴᠠᠭ᠎ᠠ ᠬᠠᠷᠢᠯᠴᠠᠭ᠎ᠠ ᠪᠠᠷ ᠳᠠᠮᠵᠢᠨ | ᠪᠡᠶᠡᠯᠡᠬᠦᠯᠵᠦ ᠪᠤᠯᠤᠨ᠎ᠠ ᠭᠡᠵᠦ ᠪᠤᠳᠤᠵᠤ ᠪᠤᠢ᠃ | 2᠂ ᠨᠤᠮ ᠤᠨ ᠤᠷᠴᠢᠨ ᠢ ᠪᠤᠢ ᠪᠤᠯᠭᠠᠵᠤ ᠪᠤᠯᠤᠨ᠎ᠠ᠃ ᠰᠤᠷᠭᠠᠭᠤᠯᠢ ᠪᠠᠷ ᠠᠪᠴᠦ ᠬᠡᠯᠡᠪᠡᠯ ᠠᠩᠬᠢ ᠶᠢᠨ ᠭᠡᠷ᠂ | ᠪᠠᠶᠢᠷᠢ ᠶᠢᠨ ᠭᠡᠷ᠂ ᠠᠰᠠᠷ ᠤᠨ ᠭᠤᠳᠤᠮᠵᠢ ᠴᠢᠨᠠᠭᠰᠢᠯᠠᠪᠠᠯ ᠲᠤᠭᠤᠭᠠᠨ ᠭᠡᠷ᠂᠂᠂᠂ ᠲᠠᠷᠤᠢ ᠰᠤᠷᠭᠠᠭᠤᠯᠢ ᠶᠢᠨ ᠦᠨᠴᠦᠭ | ᠪᠤᠯᠤᠩ ᠪᠦᠷᠢ ᠳᠤ ᠨᠤᠮ ᠪᠢᠴᠢᠭ ᠳᠡᠯᠭᠡᠭᠳᠡᠵᠦ᠂ ᠭᠡᠷ ᠲᠤ ᠪᠠᠨ ᠴᠦ ᠭᠡᠰᠡᠨ ᠨᠤᠮ ᠢᠯᠡᠷᠡᠬᠦ ᠪᠤᠯᠤᠯᠴᠠᠭ᠎ᠠ ᠲᠠᠢ ᠭᠠᠵᠠᠷ | ᠪᠤᠯᠭᠠᠨ ᠳᠤ ᠨᠤᠮ ᠳᠡᠯᠭᠡᠭᠳᠡᠵᠦ ᠪᠠᠶᠢᠪᠠᠯ ᠬᠡᠦᠬᠡᠳ ᠤᠨ ᠳᠠᠭᠤᠷᠢᠶᠠᠮᠠᠲᠠᠭᠠᠢ ᠵᠠᠩ ᠠᠴᠠ ᠪᠤᠯᠤᠭᠠᠳ ᠴᠦ ᠭᠡᠰᠡᠨ ᠨᠤᠮ | ᠤᠩᠰᠢᠬᠤ ᠲᠤᠭ᠎ᠠ ᠬᠡᠮᠵᠢᠶ᠎ᠠ ᠠᠶᠠᠨᠳᠠᠭᠠᠨ ᠨᠡᠮᠡᠭᠳᠡᠬᠦ ᠪᠤᠯᠤᠯᠴᠠᠭ᠎ᠠ ᠲᠠᠢ᠃ | 3᠂ ᠨᠤᠮ ᠤᠩᠰᠢᠬᠤ ᠲᠤᠷ᠎ᠠ ᠪᠠᠬ᠎ᠠ ᠶᠢ ᠪᠤᠢ ᠪᠤᠯᠭᠠᠨ᠎ᠠ᠃ ᠳᠠᠷᠤᠢ ᠬᠡᠦᠬᠡᠳ ᠢ ᠨᠤᠮ ᠤᠨ ᠬᠤᠷᠤᠬᠠᠢ ᠲᠠᠢ | ᠪᠤᠯᠭᠠᠨ᠎ᠠ᠃ ᠦᠨᠡᠨ ᠳᠤ ᠪᠠᠨ ᠦᠨᠦᠳᠦᠷ ᠤᠨ ᠮᠠᠨ ᠤ ᠬᠡᠦᠬᠡᠳ ᠤᠳ ᠤᠨ ᠨᠤᠮ ᠤᠩᠰᠢᠬᠤ ᠲᠤᠷ᠎ᠠ ᠦᠭᠡᠢ ᠪᠠᠶᠢᠭ᠎ᠠ | ᠰᠢᠯᠲᠠᠭᠠᠨ ᠤ ᠳᠤᠳᠤᠷᠠᠬᠢ ᠶᠡᠬᠡᠬᠡᠨ ᠬᠡᠮᠵᠢᠶᠠᠨ ᠤ ᠰᠢᠯᠲᠠᠭᠠᠨ ᠨᠢ ᠭᠡᠷ ᠤᠨ ᠠᠬᠠᠮᠠᠳ ᠲᠤ ᠪᠠᠶᠢᠨ᠎ᠠ ᠭᠡᠵᠦ ᠪᠤᠳᠤᠵᠤ ᠪᠠᠶᠢᠨ᠎ᠠ | ᠃ ᠦᠨᠦᠳᠦᠷ ᠬᠡᠦᠬᠡᠳ ᠢ ᠨᠤᠮ ᠳᠤ ᠳᠠᠭᠠᠭᠤᠯᠵᠤ ᠤᠷᠤᠬᠤ ᠬᠦᠮᠦᠨ ᠦᠭᠡᠢ ᠪᠤᠯᠵᠠᠢ᠃ | 4᠂ ᠠᠯᠪᠠᠳᠠᠯᠭ᠎ᠠ ᠶᠢ ᠬᠡᠷᠡᠭᠯᠡᠨ᠎ᠡ᠃ ᠠᠯᠪᠠᠳᠠᠵᠤ ᠪᠠᠶᠢᠭᠰᠠᠨ ᠢᠶᠠᠨ ᠠᠮᠲᠠᠨ ᠳᠤ ᠨᠢ ᠤᠷᠤᠭᠤᠯᠵᠤ ᠠᠶᠠᠨᠳᠠᠭᠠᠨ | ᠲᠤᠷᠠᠲᠠᠢ ᠪᠤᠯᠭᠠᠨ᠎ᠠ᠃ ᠬᠡᠨ ᠬᠦᠮᠦᠨ ᠢ ᠶᠠᠮᠠᠷ ᠨᠢᠭᠡᠨ ᠵᠦᠢᠯ ᠤᠨ ᠶᠠᠭᠤᠮ᠎ᠠ ᠲᠠᠢ ᠤᠶᠢᠷᠠᠲᠤᠭᠤᠯᠵᠤ ᠲᠠᠰᠤᠯᠴᠠᠭᠤᠯᠬᠤ ᠳᠤ | ᠵᠠᠷᠢᠮ ᠦᠶ᠎ᠡ ᠳᠤ ᠠᠯᠪᠠᠳᠠᠯᠭ᠎ᠠ ᠨᠢ ᠲᠤᠩ ᠶᠡᠭᠡ ᠦᠢᠯᠡᠳᠦᠯ ᠢ ᠦᠵᠡᠬᠦᠯᠳᠡᠭ᠃ ᠲᠤᠮᠤ ᠬᠦᠮᠦᠨ ᠴᠦ ᠭᠡᠰᠡᠨ ᠠᠯᠪᠠᠳᠠᠯᠭ᠎ᠠ | ᠶᠢᠨ ᠲᠤᠤᠷ᠎ᠠ ᠡᠭᠦᠷᠭᠡ ᠪᠡᠶᠡᠯᠡᠬᠦᠯᠬᠦ ᠳᠤ ᠦᠷ᠎ᠡ ᠠᠰᠢᠭ ᠰᠠᠶᠢᠨ ᠪᠠᠶᠢᠳᠠᠯ ᠢᠯᠡᠷᠡᠳᠡᠭ ᠪᠠᠶᠢᠬᠤ ᠳᠤ ᠬᠡᠦᠬᠡᠳ ᠢ ᠶᠠᠭᠤᠨ | ᠬᠡᠯᠡᠬᠦ ᠪᠤᠢ᠃ ᠡᠶᠢᠮᠦ ᠠᠴᠠ ᠵᠠᠷᠢᠮ ᠦᠶ᠎ᠡ ᠳᠤ ᠵᠤᠬᠢᠬᠤ ᠠᠯᠪᠠᠳᠠᠯᠭ᠎ᠠ ᠱᠠᠭᠠᠷᠳᠠᠯᠭ᠎ᠠ ᠶᠢ ᠲᠤᠯᠭᠠᠵᠤ ᠡᠭᠦᠷᠭᠡ ᠲᠠᠢ | ᠤᠩᠰᠢᠭᠤᠯᠵᠤ ᠪᠤᠯᠤᠨ᠎ᠠ᠃ ᠵᠢᠱᠢᠶᠡᠯᠡᠪᠡᠯ᠄ ᠡᠭᠦᠷᠭᠡ ᠲᠤᠰᠢᠶᠠᠬᠤ᠂ ᠳᠠᠰᠬᠠᠯ ᠳᠠᠭᠠᠭᠠᠯᠭᠠᠪᠤᠷᠢ ᠦᠯᠡᠳᠡᠭᠡᠬᠦ᠂ ᠤᠷᠤᠯᠳᠤᠭᠠᠨ | ᠮᠦᠷᠦᠶᠢᠴᠡᠭᠡᠨ ᠳᠤ ᠤᠷᠤᠯᠴᠠᠬᠤ ᠶᠢ ᠱᠠᠭᠠᠷᠳᠠᠬᠤ᠂ ᠲᠤᠤᠷ ᠰᠦᠯᠵᠢᠶ᠎ᠠ ᠸᠢᠴᠠᠲ ᠵᠡᠷᠭᠡ ᠶᠢ ᠠᠰᠢᠭᠯᠠᠵᠤ ᠨᠤᠮ ᠤᠩᠰᠢᠬᠤ | ᠪᠠᠶᠢᠳᠠᠯ ᠢ ᠬᠢᠨᠠᠨ ᠪᠠᠶᠢᠴᠠᠭᠠᠬᠤ ᠵᠡᠷᠭᠡ ᠬᠡᠯᠪᠡᠷᠢ ᠪᠠᠷ ᠶᠠᠪᠤᠭᠳᠠᠭᠤᠯᠵᠤ ᠪᠦᠷ ᠪᠤᠯᠤᠨ᠎ᠠ᠃ | ᠬᠡᠦᠭᠡᠳ ᠢ ᠪᠠᠨ ᠪᠢᠳᠡ ᠬᠢᠴᠢᠶᠡᠯ ᠢ ᠨᠢ ᠵᠦᠪ ᠤᠩᠰᠢᠭᠤᠯᠵᠤ᠂ ᠦᠰᠦᠭ ᠶᠢ ᠨᠢ ᠵᠦᠪ ᠪᠢᠴᠢᠭᠦᠯᠵᠦ ᠵᠦᠪ | ᠬᠡᠷᠡᠭᠯᠡᠭᠦᠯᠵᠦ ᠰᠤᠷᠭᠠᠶ᠎ᠠ ᠭᠡᠪᠡᠯ ᠨᠤᠮ ᠤᠨ ᠦᠢᠯᠡᠳᠦᠯ ᠲᠤᠩ ᠶᠡᠭᠡ ᠭᠡᠵᠦ ᠪᠤᠳᠤᠭᠰᠠᠨ ᠳᠤ ᠪᠠᠨ ᠦᠪᠡᠷ ᠤᠨ ᠦᠵᠡᠯᠲᠡ | ᠪᠠᠨ ᠲᠡᠭᠡᠷᠡᠬᠢ ᠮᠡᠳᠦ ᠶᠠᠷᠢᠯ᠎ᠠ᠃ ᠲᠤᠰ ᠬᠦᠮᠦᠨ ᠤ ᠮᠡᠳᠡᠯᠭᠡ ᠬᠢᠭᠡᠳ ᠬᠠᠷᠠᠴᠠ ᠶᠢᠨ ᠬᠢᠵᠠᠭᠠᠷ ᠲᠠᠢ ᠠᠴᠠ ᠪᠤᠯᠵᠤ | ᠠᠰᠠᠭᠤᠳᠠᠯ ᠢ ᠵᠠᠳᠠᠯᠬᠤ ᠦᠷᠭᠡᠴᠡ ᠭᠦᠨᠴᠡ ᠶᠢᠨ ᠬᠡᠮᠵᠢᠶ᠎ᠡ ᠬᠦᠷᠦᠯᠴᠡᠬᠦ ᠦᠭᠡᠢ ᠨᠢ ᠳᠠᠮᠵᠢᠭ ᠦᠭᠡᠢ᠃ ᠡᠶᠢᠮᠦ ᠠᠴᠠ | ᠡᠷᠬᠢᠮ ᠲᠠ ᠨᠠᠷ ᠤᠨ ᠰᠢᠭᠦᠮᠵᠢᠯᠡᠯ ᠲᠠᠢ ᠪᠠᠷ ᠰᠤᠨᠤᠰᠴᠤ᠂ ᠡᠷᠬᠢᠮ ᠨᠠᠨᠳᠢᠨ ᠰᠠᠨᠠᠯ ᠢᠶᠠᠨ ᠦᠭᠴᠦ ᠪᠠᠶᠢᠬᠤ ᠶᠢ ᠬᠦᠰᠡᠵᠦ | ᠪᠠᠶᠢᠨ᠎ᠠ᠃ | ᠬᠠᠮᠤᠭ ᠰᠡᠭᠦᠯ ᠳᠤ᠂ ᠪᠢᠳᠡ ᠪᠦᠬᠦᠨ ᠬᠠᠮᠲᠦ ᠪᠠᠷ ᠴᠢᠷᠮᠠᠶᠢᠵᠤ ︽ᠬᠡᠦᠬᠡᠳ ᠢ ᠪᠠᠨ ᠨᠤᠮ ᠲᠠᠢ ᠬᠤᠯᠪᠤᠶ᠎ᠠ︾ | ᠭᠡᠵᠦ ᠤᠷᠢᠶᠠᠯᠠᠨ ᠦᠨᠦᠳᠦᠷ ᠤᠨ ᠶᠠᠷᠢᠶ᠎ᠠ ᠪᠠᠨ ᠦᠨᠳᠦᠷᠯᠡᠭᠦᠯᠦᠶᠠ︕ | | |