ᠤᠷᠴᠢᠭᠤᠯᠤᠭᠴᠢ ᠵᠠᠪᠠᠯ ᠤᠷᠠᠨ ᠵᠤᠬᠢᠶᠠᠯ ᠤᠨ ᠵᠤᠬᠢᠬᠤ ᠪᠤᠯᠪᠠᠰᠤᠷᠠᠯ ᠲᠠᠢ ᠪᠠᠶᠢᠬᠤ ᠬᠡᠷᠡᠭᠲᠡᠢ
ᠨᠡᠶᠢᠲᠡᠯᠡᠭᠰᠡᠨ ᠴᠠᠭ᠄
2018-04-16
ᠡᠷᠳᠡᠨᠢᠪᠢᠯᠢᠭ        ᠤᠷᠴᠢᠭᠤᠯᠭ᠎ᠠ ᠪᠤᠯ ᠬᠦᠮᠦᠨ ᠲᠦᠷᠦᠯᠬᠢᠲᠡᠨ ᠤ ᠤᠶᠤᠨ ᠤ ᠦᠨᠡᠲᠦ ᠪᠦᠲᠦᠭᠡᠯ ᠤᠨ ᠳᠠᠮᠵᠢᠭᠤᠯᠤᠭᠴᠢ᠂ ᠬᠦᠮᠦᠨ ᠲᠦᠷᠦᠯᠬᠢᠲᠡᠨ ᠤ ᠨᠠᠶᠢᠷᠠᠮᠳᠠᠯᠲᠤ ᠡᠮᠬᠢ ᠵᠢᠷᠦᠮ ᠪᠠ ᠦᠨᠡᠨᠴᠢ ᠨᠦᠬᠦᠷᠯᠡᠯ ᠪᠠᠶᠢᠭᠤᠯᠬᠤ ᠶᠢᠨ ᠬᠦᠭᠦᠷᠭᠡ ᠪᠤᠯᠵᠤ᠂ ᠬᠦᠮᠦᠨ ᠲᠦᠷᠦᠯᠬᠢᠲᠡᠨ ᠤ ᠬᠤᠭᠤᠷᠤᠨᠳᠤᠬᠢ ᠵᠦᠷᠢᠶ᠎ᠡ ᠶᠢ ᠪᠠᠭᠠᠰᠬᠠᠵᠤ ᠪᠠᠶᠢᠳᠠᠭ᠃ ᠰᠤᠶᠤᠯ ᠤᠨ ᠡᠯᠴᠢ ᠪᠤᠯᠤᠭᠰᠠᠨ ᠰᠤᠳᠤᠨ ᠤᠷᠴᠢᠭᠤᠯᠤᠭᠴᠢ ᠶᠢᠨ ᠤᠷᠠᠨ ᠨᠠᠷᠢᠨ ᠰᠢᠳᠢᠲᠦ ᠪᠢᠷ ᠤᠨ ᠦᠨᠡᠲᠦ ᠴᠢᠷᠮᠠᠶᠢᠯᠭ᠎ᠠ ᠪᠠᠷ ᠰᠤᠶᠤᠯ ᠤᠨ ᠰᠢᠯᠢᠳᠡᠭ ᠦᠪ ᠰᠠᠩ ᠨᠡᠩ ᠪᠠᠶᠠᠯᠢᠭᠵᠢᠵᠤ᠂ ᠬᠦᠮᠦᠨ ᠵᠤᠨ ᠤ ᠬᠡᠴᠢᠨᠡᠬᠡᠨ ᠵᠠᠭᠤᠨ ᠮᠢᠩᠭᠠᠨ ᠵᠢᠯ ᠤᠨ ᠤᠷᠢᠳᠠᠬᠢ ᠵᠦᠢᠯ ᠴᠦ ᠦᠭᠡ ᠦᠰᠦᠭ ᠢᠶᠠᠷ ᠠᠮᠢᠯᠠᠨ ᠲᠤᠳᠤᠷᠠᠵᠤ᠂ ᠵᠠᠯᠭᠠᠮᠵᠢ ᠦᠶ᠎ᠡ ᠶᠢᠨ ᠬᠢᠨ ᠳᠤ ᠵᠢᠭᠠᠵᠤ ᠰᠤᠷᠭᠠᠬᠤ ᠦᠪ ᠰᠤᠶᠤᠯ ᠤᠨ ᠰᠠᠩ ᠪᠤᠯᠵᠤ ᠦᠯᠡᠳᠡᠳᠡᠭ᠃        ᠨᠢᠭᠡ᠂ ᠤᠷᠴᠢᠭᠤᠯᠭ᠎ᠠ ᠪᠠ ᠬᠡᠯᠡᠨ ᠤ ᠤᠷᠠᠯᠢᠭ ᠤᠨ ᠱᠠᠭᠠᠷᠳᠠᠯᠭ᠎ᠠ        ᠤᠩᠰᠢᠭᠴᠢᠳ ᠤᠷᠴᠢᠭᠤᠯᠭ᠎ᠠ ᠶᠢᠨ ᠵᠤᠬᠢᠶᠠᠯ ᠪᠦᠲᠦᠭᠡᠯ ᠤᠨ ᠦᠭᠡ ᠦᠭᠦᠯᠡᠪᠦᠷᠢ ᠤᠷᠤᠰᠤᠮ᠎ᠠ᠂ ᠨᠠᠶᠢᠷᠠᠭᠤᠯᠭ᠎ᠠ ᠤᠷᠠᠨ ᠰᠠᠶᠢᠬᠠᠨ᠂ ᠤᠩᠰᠢᠭᠰᠠᠨ ᠤ ᠳᠠᠷᠠᠭᠠᠬᠢ ᠭᠦᠨ ᠤᠴᠢᠷ ᠤᠳᠬ᠎ᠠ ᠪᠠ ᠤᠷᠠᠯᠢᠭ ᠤᠨ ᠰᠢᠮ᠎ᠡ ᠬᠦᠷᠲᠡᠭᠡᠯ ᠨᠢ ᠤᠤᠯ ᠵᠤᠬᠢᠶᠠᠯ ᠲᠠᠢ ᠠᠳᠠᠯᠢ ᠪᠠᠶᠢᠬᠤ ᠶᠢ ᠬᠦᠰᠡᠳᠡᠭ᠃ ᠡᠨᠡ ᠬᠦ ᠱᠠᠭᠠᠷᠳᠠᠯᠭ᠎ᠠ ᠨᠢ ᠤᠷᠴᠢᠭᠤᠯᠤᠭᠴᠢ ᠶᠢᠨ ᠬᠡᠯᠡ ᠪᠢᠴᠢᠭ ᠤᠨ ᠪᠤᠯᠪᠠᠰᠤᠷᠠᠯ ᠲᠠᠢ ᠬᠤᠯᠪᠤᠭᠳᠠᠳᠠᠭ᠃ ᠭᠡᠬᠦ ᠳᠡᠭᠡᠨ ᠵᠤᠬᠢᠶᠠᠯ ᠪᠦᠲᠦᠭᠡᠯ ᠤᠨ ᠴᠠᠭ ᠦᠶ᠎ᠡ ᠶᠢᠨ ᠵᠤᠷᠢᠭ ᠰᠠᠨᠠᠭ᠎ᠠ ᠪᠠ ᠬᠡᠪ ᠨᠠᠮᠪᠠ ᠶᠢᠨ ᠡᠷᠢᠯ ᠰᠦᠪᠡᠭᠴᠢᠯᠡᠯ ᠠᠴᠠ ᠦᠵᠡᠪᠡᠯ᠂ ᠡᠨᠡ ᠬᠦ ᠪᠤᠯᠪᠠᠰᠤᠷᠠᠯ ᠨᠢ ᠬᠡᠯᠡᠨ ᠤ ᠤᠬᠠᠭᠠᠨ ᠤ ᠬᠡᠪᠴᠢᠶᠡᠨ ᠠᠴᠠ ᠳᠠᠪᠠᠵᠤ᠂ ᠤᠷᠠᠨ ᠵᠤᠬᠢᠶᠠᠯ ᠤᠨ ᠬᠦᠷᠢᠶ᠎ᠡ ᠴᠠᠷ᠎ᠠ ᠳᠤ ᠬᠤᠯᠪᠤᠭᠳᠠᠵᠤ᠂ ᠤᠷᠠᠨ ᠵᠤᠬᠢᠶᠠᠯ ᠤᠨ ᠪᠤᠯᠪᠠᠰᠤᠷᠠᠯ ᠲᠠᠢ ᠪᠠᠶᠢᠬᠤ ᠶᠢ ᠱᠠᠭᠠᠷᠳᠠᠳᠠᠭ᠃ ᠳᠡᠯᠭᠡᠷᠡᠩᠭᠦᠢ ᠤᠳᠬ᠎ᠠ ᠠᠴᠠ ᠬᠡᠯᠡᠪᠡᠯ᠂ ᠤᠷᠠᠨ ᠵᠤᠬᠢᠶᠠᠯ ᠤᠨ ᠪᠤᠯᠪᠠᠰᠤᠷᠠᠯ ᠨᠢ ᠬᠡᠯᠡ ᠦᠰᠦᠭ ᠪᠢᠴᠢᠭ ᠢ ᠪᠠᠭᠲᠠᠭᠠᠬᠤ ᠶᠤᠮ᠃ ᠤᠴᠢᠷ ᠨᠢ᠂ ᠤᠷᠠᠨ ᠵᠤᠬᠢᠶᠠᠯ ᠤᠨ ᠢᠯᠡᠳᠬᠡᠬᠦ ᠪᠠᠭᠠᠵᠢ ᠪᠤᠯ ᠬᠡᠯᠡ ᠦᠰᠦᠭ ᠪᠢᠴᠢᠭ ᠮᠦᠨ᠃ ᠤᠷᠴᠢᠭᠤᠯᠭ᠎ᠠ ᠶᠢᠨ ᠵᠤᠬᠢᠶᠠᠯ ᠢ ᠤᠩᠰᠢᠬᠤ ᠳᠤ ᠤᠷᠤᠰᠤᠮ᠎ᠠ ᠪᠤᠯᠭᠠᠬᠤ ᠭᠡᠪᠡᠯ᠂ ᠬᠡᠯᠡᠨ ᠤ ᠤᠷᠠᠯᠢᠭ ᠪᠤᠯᠬᠤ ᠤᠷᠠᠨ ᠵᠤᠬᠢᠶᠠᠯ ᠤᠨ ᠤᠷᠤᠰᠤᠮ᠎ᠠ ᠢᠯᠡᠳᠬᠡᠬᠦ ᠱᠠᠭᠠᠷᠳᠠᠯᠭ᠎ᠠ ᠳᠤ ᠬᠠᠨᠳᠤᠭᠰᠠᠨ ᠪᠠᠶᠢᠬᠤ ᠬᠡᠷᠡᠭᠲᠡᠢ᠃        ᠤᠷᠴᠢᠭᠤᠯᠤᠭᠴᠢ ᠪᠤᠯᠤᠭᠰᠠᠳ ᠤᠤᠯ ᠪᠦᠲᠦᠭᠡᠯ ᠤᠨ ᠨᠡᠶᠢᠭᠡᠮ ᠤᠨ ᠳᠠᠪᠰᠢᠯᠲᠠ᠂ ᠲᠡᠷᠢᠭᠦᠨ ᠤ ᠦᠵᠡᠯ ᠰᠠᠨᠠᠭ᠎ᠠ ᠶᠢ ᠪᠦᠷᠢᠨ ᠡᠵᠡᠮᠰᠢᠨ ᠰᠢᠩᠭᠡᠭᠡᠵᠦ᠂ ᠬᠦᠮᠦᠨ ᠤ ᠰᠠᠨᠠᠭ᠎ᠠ ᠰᠡᠳᠬᠢᠯ ᠳᠤ ᠬᠦᠷᠭᠡᠬᠦ ᠶᠢᠨ ᠪᠦᠷᠢᠯᠳᠦᠭᠦᠯᠬᠦ ᠴᠢᠬᠤᠯᠠᠲᠠᠢ ᠦᠨᠳᠦᠰᠦᠨ ᠨᠦᠬᠦᠴᠡᠯ ᠨᠢ ᠤᠷᠴᠢᠭᠤᠯᠬᠤ ᠪᠠ ᠤᠷᠴᠢᠭᠤᠯᠤᠭᠳᠠᠬᠤ ᠬᠤᠶᠠᠷ ᠬᠡᠯᠡᠨ ᠳᠤ ᠨᠡᠪᠲᠡᠷᠡᠭᠰᠡᠨ ᠪᠠᠶᠢᠬᠤ ᠬᠡᠷᠡᠭᠲᠡᠢ᠃ ᠤᠭ ᠵᠤᠬᠢᠶᠠᠯ ᠤᠨ ᠬᠡᠯᠡᠨ ᠳᠤ ᠨᠡᠪᠲᠡᠷᠡᠭᠰᠡᠨ ᠪᠤᠯ ᠤᠭ ᠵᠤᠬᠢᠶᠠᠯ ᠢ ᠵᠦᠪ ᠤᠶᠢᠯᠠᠭᠠᠬᠤ ᠳᠤ ᠰᠠᠭᠤᠷᠢ ᠪᠤᠯᠵᠤ᠂ ᠤᠷᠴᠢᠭᠤᠯᠬᠤ ᠬᠡᠯᠡᠨ ᠳᠤ ᠨᠡᠪᠲᠡᠷᠡᠭᠰᠡᠨ ᠪᠤᠯ ᠤᠷᠤᠰᠤᠮ᠎ᠠ ᠰᠠᠶᠢᠬᠠᠨ ᠢᠯᠡᠳᠬᠡᠬᠦ ᠳᠤ ᠰᠠᠭᠤᠷᠢ ᠪᠤᠯᠬᠤ ᠶᠤᠮ᠃ ᠡᠨᠡ ︽ᠬᠤᠶᠠᠷ ᠰᠠᠭᠤᠷᠢ︾ ᠦᠭᠡᠢ ᠪᠤᠯ ᠤᠷᠴᠢᠭᠤᠯᠭ᠎ᠠ ᠨᠢ ᠡᠷᠡᠮᠳᠡᠭ ᠵᠡᠷᠡᠮᠳᠡᠭ ᠪᠤᠯᠬᠤ ᠨᠢ ᠶᠠᠷᠢᠶᠠᠨ ᠦᠭᠡᠢ᠃ ᠵᠦᠪ ᠤᠶᠢᠯᠠᠭᠠᠵᠤ ᠴᠢᠳᠠᠬᠤ ᠦᠭᠡᠢ ᠪᠤᠯ ᠤᠷᠴᠢᠭᠤᠯᠭ᠎ᠠ ᠶᠢᠨ ᠤᠳᠬ᠎ᠠ ᠶᠢ ᠭᠠᠵᠢᠭᠤᠳᠠᠭᠤᠯᠵᠤ᠂ ᠵᠦᠪ ᠤᠶᠢᠯᠠᠭᠠᠴᠢᠬᠠᠭᠠᠳ ᠤᠷᠤᠰᠤᠮ᠎ᠠ ᠰᠠᠶᠢᠬᠠᠨ ᠢᠯᠡᠳᠬᠡᠵᠦ ᠴᠢᠳᠠᠬᠤ ᠦᠭᠡᠢ ᠪᠤᠯ ᠤᠷᠴᠢᠭᠤᠯᠭ᠎ᠠ ᠶᠢᠨ ᠴᠢᠨᠠᠷ ᠴᠢᠨᠰᠠᠭ᠎ᠠ ᠶᠢ ᠨᠦᠯᠦᠭᠡᠯᠡᠨ᠎ᠡ᠃ ᠤᠷᠤᠰᠤᠮ᠎ᠠ ᠰᠠᠶᠢᠬᠠᠨ ᠢᠯᠡᠳᠬᠡᠬᠦ ᠭᠡᠭᠴᠢ ᠪᠤᠯ ᠬᠡᠯᠡᠬᠦ ᠳᠤ ᠠᠮᠠᠷ᠂ ᠬᠢᠬᠦ ᠳᠤ ᠬᠢᠯᠪᠡᠷ ᠪᠤᠰᠤ ᠶᠠᠪᠤᠳᠠᠯ ᠶᠤᠮ᠃ ᠡᠭᠦᠨ ᠳᠤ ᠤᠷᠤᠰᠤᠮ᠎ᠠ ᠢᠯᠡᠳᠬᠡᠵᠦ ᠴᠢᠳᠠᠬᠤᠶᠢᠴᠠ ᠤᠷ᠎ᠠ ᠴᠢᠳᠠᠪᠤᠷᠢ ᠱᠠᠭᠠᠷᠳᠠᠭᠳᠠᠨ᠎ᠠ᠂ ᠡᠨᠡ ᠬᠦ ᠤᠷ᠎ᠠ ᠴᠢᠳᠠᠪᠤᠷᠢ ᠨᠢ ᠤᠷᠠᠨ ᠵᠤᠬᠢᠶᠠᠯ ᠤᠨ ᠪᠤᠯᠪᠠᠰᠤᠷᠠᠯ ᠠᠴᠠ ᠯᠡ ᠢᠷᠡᠨ᠎ᠡ ᠭᠡᠵᠦ ᠪᠢ ᠬᠤᠪᠢ ᠳᠠᠭᠠᠨ ᠤᠶᠢᠯᠠᠭᠠᠳᠠᠭ᠃ ᠮᠤᠩᠭᠤᠯ ᠬᠡᠯᠡ ᠪᠤᠯ ᠦᠨᠢ ᠤᠳᠠᠭᠠᠨ ᠲᠡᠦᠬᠡ  ᠲᠠᠢ᠂ ᠪᠠᠶᠠᠯᠢᠭ ᠦᠭᠡ ᠶᠢᠨ ᠰᠠᠩ ᠲᠠᠢ᠂ ᠢᠯᠡᠳᠬᠡᠬᠦ ᠴᠢᠳᠠᠪᠤᠷᠢ ᠪᠠᠷ ᠪᠦᠷᠢᠨ ᠲᠡᠭᠦᠰ ᠬᠡᠯᠡ ᠶᠤᠮ᠃ ᠡᠶᠢᠮᠦ ᠠᠴᠠ ᠤᠷᠴᠢᠭᠤᠯᠭ᠎ᠠ ᠶᠢᠨ ᠳᠤᠮᠳᠠ ᠡᠨᠡ ᠬᠦ ᠪᠠᠶᠠᠯᠢᠭ ᠬᠡᠯᠡ ᠠᠴᠠ ᠪᠠᠨ ᠰᠤᠯᠢᠵᠤ ᠪᠤᠯᠤᠰᠢ ᠦᠭᠡᠢ ᠦᠭᠡ ᠶᠢ ᠰᠢᠯᠵᠢᠵᠦ ᠪᠤᠯᠤᠰᠢ ᠦᠭᠡᠢ ᠤᠷᠤᠨ ᠳᠤᠨᠢ ᠬᠡᠷᠡᠭᠯᠡᠵᠦ ᠴᠢᠳᠠᠬᠤ ᠡᠰᠡᠭᠦ ᠨᠢ ᠤᠷᠴᠢᠭᠤᠯᠤᠭᠴᠢᠳ ᠤᠨ ᠡᠬᠡ ᠬᠡᠯᠡ ᠪᠠᠨ ᠡᠵᠡᠮᠰᠢᠭᠰᠡᠨ ᠬᠢᠷᠢ ᠬᠡᠮᠵᠢᠶᠡᠨ ᠤ ᠰᠢᠯᠭᠠᠭᠤᠷ ᠪᠤᠯᠬᠤ ᠭᠡᠭᠴᠢ ᠵᠦᠪ ᠪᠠᠶᠢᠨ᠎ᠠ᠃ ᠭᠡᠪᠡᠴᠦ ᠡᠬᠡ ᠬᠡᠯᠡ ᠪᠠᠨ ᠡᠵᠡᠮᠰᠢᠭᠰᠡᠨ ᠬᠢᠷᠢ ᠬᠡᠮᠵᠢᠶ᠎ᠡ ᠨᠢ ᠨᠢᠭᠡ ᠵᠤᠬᠢᠶᠠᠯᠴᠢ ᠪᠤᠶᠤ ᠤᠷᠴᠢᠭᠤᠯᠤᠭᠴᠢ ᠶᠢᠨ ᠤᠷᠠᠨ ᠵᠤᠬᠢᠶᠠᠯ ᠤᠨ ᠪᠤᠯᠪᠠᠰᠤᠷᠠᠯ ᠬᠢᠷᠢ ᠵᠡᠷᠭᠡ ᠭᠡᠳᠡᠭ ᠲᠤ ᠯᠡ ᠢᠯᠡᠷᠡᠬᠦ ᠶᠤᠮ᠃ ᠤᠷᠠᠨ ᠵᠤᠬᠢᠶᠠᠯ ᠤᠨ ᠪᠤᠯᠪᠠᠰᠤᠷᠠᠯ ᠲᠠᠢ ᠪᠠᠶᠢᠬᠤ ᠡᠰᠡᠭᠦ ᠨᠢ ᠬᠡᠯᠡ ᠶᠢ ᠰᠠᠶᠢᠨ ᠡᠵᠡᠮᠰᠢᠵᠦ ᠴᠢᠳᠠᠭᠰᠠᠨ ᠡᠰᠡᠭᠦ ᠶᠢᠨ ᠢᠯᠡᠷᠡᠯ ᠮᠦᠨ᠃ ᠶᠠᠷᠢᠶᠠᠨ ᠦᠭᠡᠢ ᠤᠷᠴᠢᠭᠤᠯᠤᠭᠴᠢ ᠤᠷᠠᠨ ᠵᠤᠬᠢᠶᠠᠯ ᠤᠨ ᠪᠤᠯᠪᠠᠰᠤᠷᠠᠯ ᠠᠴᠠ ᠭᠠᠳᠠᠨ᠎ᠠ ᠤᠷᠴᠢᠭᠤᠯᠤᠭᠴᠢ ᠶᠢᠨ ᠳᠡᠭᠡᠳᠦ ᠬᠡᠮᠵᠢᠶᠡᠨ ᠤ ᠪᠤᠯᠪᠠᠰᠤᠷᠠᠯ ᠳᠤ ᠤᠨᠤᠯ ᠤᠨ ᠬᠢᠷᠢ ᠬᠡᠮᠵᠢᠶ᠎ᠡ ᠪᠠ ᠲᠦᠷᠦ ᠶᠢᠨ ᠪᠤᠳᠤᠯᠭ᠎ᠠ᠂ ᠬᠠᠤᠯᠢ ᠴᠠᠭᠠᠵᠠ ᠵᠡᠷᠭᠡ ᠪᠠᠶᠢᠭᠠᠯᠢ ᠪᠠ ᠨᠡᠶᠢᠭᠡᠮ ᠤᠨ ᠰᠢᠨᠵᠢᠯᠡᠬᠦ ᠤᠬᠠᠭᠠᠨ ᠤ ᠳᠡᠭᠡᠳᠦ ᠬᠡᠮᠵᠢᠶᠡᠨ ᠤ ᠪᠤᠯᠪᠠᠰᠤᠷᠠᠯ ᠲᠠᠢ ᠪᠠᠶᠢᠬᠤ ᠶᠢ ᠱᠠᠭᠠᠷᠳᠠᠳᠠᠭ᠃        ᠬᠤᠶᠠᠷ᠂ ᠤᠷᠠᠯᠢᠭ ᠤᠨ ᠪᠤᠯᠪᠠᠰᠤᠷᠠᠯ ᠬᠤᠮᠰᠠᠳᠠᠭᠰᠠᠨ ᠤᠷᠴᠢᠭᠤᠯᠭ᠎ᠠ ᠨᠤᠭᠤᠳ        ᠤᠶᠢᠷ᠎ᠠ ᠶᠢᠨ ᠵᠢᠯ ᠤᠳ ᠲᠤ ᠡᠪ ᠬᠠᠪᠤ ᠦᠭᠡᠢ ᠤᠷᠴᠢᠭᠤᠯᠭ᠎ᠠ ᠶᠢᠨ ᠲᠤᠬᠠᠢ ᠨᠡᠶᠢᠭᠡᠮ ᠳᠡᠭᠡᠷ᠎ᠡ ᠨᠡᠯᠢᠶᠡᠳ ᠶᠠᠷᠢᠶ᠎ᠠ ᠬᠡᠯᠡᠯᠴᠡᠭᠡᠨ ᠪᠤᠯᠵᠤ᠂ ᠤᠷᠴᠢᠭᠤᠯᠭ᠎ᠠ ᠶᠢᠨ ᠲᠠᠪᠴᠠᠩ ᠳᠤ ᠮᠠᠭᠤ ᠨᠡᠷ᠎ᠡ ᠨᠦᠯᠦᠭᠡ ᠦᠵᠡᠭᠦᠯᠵᠦ ᠪᠤᠢ᠃ ᠡᠨᠡ ᠲᠤᠬᠠᠢ ᠵᠢᠱᠢᠶ᠎ᠡ ᠦᠵᠡᠰᠦᠭᠡᠢ᠃        2017 ᠤᠨ ᠪᠤᠯ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ᠂ ᠡᠨᠡ ᠲᠤᠬᠠᠢ ᠠᠮᠵᠢᠯᠲᠠ ᠬᠦᠭᠵᠢᠯᠲᠡ ᠶᠢ ᠳᠤᠷᠠᠰᠬᠠᠨ ᠲᠡᠮᠳᠡᠭᠯᠡᠵᠦ᠂ ᠳᠠᠭᠤᠯᠠᠵᠤ ᠮᠠᠭᠲᠠᠭᠰᠠᠨ ᠵᠤᠬᠢᠶᠠᠯ ᠪᠦᠲᠦᠭᠡᠯ ᠰᠤᠨᠢᠨ ᠰᠡᠳᠬᠦᠯ ᠤᠨ ᠬᠠᠭᠤᠳᠠᠰᠤᠨ ᠳᠤ ᠰᠠᠷ᠎ᠠ ᠰᠢᠬᠠᠮ ᠶᠡᠭᠡ ᠵᠠᠢ ᠠᠪᠴᠠᠢ᠃ ᠭᠡᠬᠦ ᠳᠤ ᠵᠠᠷᠢᠮ ᠨᠢᠭᠡ ᠤᠷᠴᠢᠭᠤᠯᠭ᠎ᠠ ᠶᠢᠨ ᠵᠤᠬᠢᠶᠠᠯ ᠢ ᠨᠢ ᠦᠵᠡᠬᠦ ᠳᠤ ᠦᠰᠦ ᠪᠤᠰᠤᠮ᠎ᠠ ᠰᠤᠨᠢᠨ ᠬᠠᠴᠢᠨ ᠲᠤᠯᠠ ᠤᠩᠰᠢᠬᠤ ᠤᠷᠮ᠎ᠠ ᠶᠢ ᠬᠤᠭᠤᠯᠳᠠᠭ᠃        ᠵᠢᠱᠢᠶᠡᠯᠡᠪᠡᠯ᠄ ︽脚步,在跨越中前进︾ ᠭᠡᠰᠡᠨ 70 ᠵᠢᠯ ᠤᠨ ᠬᠦᠭᠵᠢᠯ ᠬᠤᠪᠢᠷᠠᠯ ᠢ ᠬᠠᠷᠠᠭᠤᠯᠤᠭᠰᠠᠨ ᠨᠢᠭᠡᠨ ᠤᠷᠲᠤ ᠵᠤᠬᠢᠶᠠᠯ ᠤᠨ ᠭᠠᠷᠴᠠᠭ ᠢ ᠤᠷᠴᠢᠭᠤᠯᠤᠭᠴᠢ ︽ᠠᠯᠬᠤᠭ᠎ᠠ᠂ ᠳᠠᠪᠠᠯᠲᠠ ᠶᠢᠨ ᠳᠤᠮᠳᠠ ᠤᠷᠤᠭᠰᠢᠯᠠᠨ᠎ᠠ︾ ᠭᠡᠵᠡᠢ᠃ ᠡᠨᠡ ᠨᠢ ᠶᠤᠰᠤᠲᠠᠢ ᠦᠭᠡ ᠦᠰᠦᠭ ᠢ ᠠᠯᠳᠠᠯ ᠦᠭᠡᠢ ᠰᠢᠪᠲᠤᠷᠤᠨ ᠤᠷᠴᠢᠭᠤᠯᠤᠭᠰᠠᠨ ᠮᠧᠬᠠᠨᠢᠭ ᠤᠷᠴᠢᠭᠤᠯᠭ᠎ᠠ ᠪᠤᠯᠵᠤ᠂ ᠶᠠᠭᠤ ᠬᠡᠯᠡᠵᠦ ᠪᠠᠶᠢᠭ᠎ᠠ ᠨᠢ ᠲᠤᠲᠤ ᠦᠭᠡᠢ ᠨᠢ ᠢᠯᠡᠬᠡᠨ ᠪᠤᠢ᠃ ᠡᠶᠢᠮᠦᠷᠬᠦᠦ ᠵᠤᠬᠢᠶᠠᠯ ᠢ ᠰᠤᠨᠢᠨ ᠰᠡᠳᠬᠦᠯ ᠳᠤ ᠰᠢᠭᠤᠳ ᠨᠡᠶᠢᠲᠡᠯᠡᠨ᠎ᠡ ᠭᠡᠭᠴᠢ ᠤᠷᠴᠢᠭᠤᠯᠤᠭᠴᠢ ᠬᠠᠷᠢᠭᠤᠴᠠᠯᠭ᠎ᠠ ᠪᠠᠨ ᠬᠠᠭᠤᠮᠠᠭᠠᠶᠢᠳᠠᠭᠰᠠᠨ ᠶᠠᠪᠤᠳᠠᠯ ᠶᠤᠮ᠃ ᠡᠨᠡ ᠨᠢ ᠶᠠᠭ ᠭᠧᠷᠮᠡᠨ ᠤ ᠨᠢᠭᠡ ᠵᠤᠬᠢᠶᠠᠯᠴᠢ ᠶᠢᠨ ᠬᠡᠯᠡᠭᠰᠡᠨᠴᠢᠯᠡᠨ ᠡᠳᠡᠭᠡᠷ ᠦᠭᠡ ᠦᠰᠦᠭ ᠨᠢ ᠰᠠᠶ᠋ᠢᠬᠠᠨ ᠲᠤᠯᠢ ᠪᠢᠴᠢᠭ ᠠᠴᠠ ᠭᠠᠷᠴᠤ ᠢᠷᠡᠭᠰᠡᠨ ᠦᠭᠡ ᠦᠰᠦᠭ᠂ ᠵᠦᠪᠬᠡᠨ ᠳᠠᠩ ᠦᠭᠡ ᠪᠤᠯᠬᠤ ᠠᠴᠠ ᠪᠢᠰᠢ ᠦᠭᠡ ᠦᠭᠦᠯᠡᠪᠦᠷᠢ ᠪᠦᠲᠦᠭᠡᠭᠰᠡᠨ ᠦᠭᠡᠢ ᠶᠤᠮ᠃ ᠤᠤᠯ ᠦᠭᠦᠯᠡᠪᠦᠷᠢ ᠶᠢᠨ ᠤᠳᠬ᠎ᠠ ᠶᠢ ᠤᠬᠠᠮᠵᠢᠯᠠᠪᠠᠯ ᠦᠪᠡᠷᠲᠡᠭᠡᠨ ᠵᠠᠰᠠᠬᠤ ᠤᠷᠤᠨ ᠤ ᠬᠦᠭᠵᠢᠯ ᠬᠤᠪᠢᠷᠠᠯ ᠨᠢ ︽ᠠᠯᠬᠤᠮ ᠪᠦᠷᠢ ᠳᠡᠭᠡᠨ ᠳᠠᠪᠠᠯᠲᠠ ᠲᠠᠢ ᠤᠷᠤᠭᠰᠢᠯᠠᠭᠰᠠᠨ︾ ᠪᠠᠶᠢᠵᠤ ᠲᠠᠭᠠᠷᠠᠨ᠎ᠠ᠃        中国梦 ᠢ ︽ᠳᠤᠮᠳᠠᠳᠤ ᠶᠢᠨ ᠵᠡᠭᠦᠳᠦ︾ ᠭᠡᠵᠦ ᠤᠷᠴᠢᠭᠤᠯᠤᠭᠰᠠᠨ ᠨᠢ ᠪᠤᠢ᠃ ᠲᠤᠰ ᠤᠷᠴᠢᠭᠤᠯᠭ᠎ᠠ ᠶᠢ ᠨᠡᠷ᠎ᠡ ᠲᠤᠮᠢᠶ᠎ᠠ ᠲᠤᠭᠲᠠᠭᠠᠬᠤ ᠳᠠᠭᠠᠨ ᠨᠢᠭᠡᠨᠲᠡ ᠢᠩᠭᠢᠵᠦ ᠲᠤᠭᠲᠠᠭᠠᠵᠤ᠂ ︽ᠠᠯᠪᠠᠨ ᠮᠡᠳᠡᠭᠡ︾ ᠳᠤ ᠨᠡᠶᠢᠲᠡᠯᠡᠭᠳᠡᠭᠰᠡᠨ ᠲᠤᠯᠠ ᠬᠠᠷᠢᠭᠤᠴᠠᠯᠭ᠎ᠠ ᠨᠢ ᠤᠷᠴᠢᠭᠤᠯᠤᠭᠰᠠᠨ ᠬᠦᠮᠦᠨ ᠪᠠ ︽ᠠᠯᠪᠠᠨ ᠮᠡᠳᠡᠭᠡ︾ ᠭᠠᠷᠭᠠᠭᠰᠠᠨ ᠨᠢᠭᠡᠴᠢ ᠳᠤ ᠪᠠᠶᠢᠬᠤ ᠦᠭᠡᠢ᠂ ᠬᠠᠷᠢᠨ ᠨᠡᠷ᠎ᠡ ᠲᠤᠮᠢᠶ᠎ᠠ ᠶᠢ ᠵᠦᠪᠯᠡᠵᠦ ᠲᠤᠭᠲᠠᠭᠠᠭᠰᠠᠨ ᠳᠤᠨᠢ ᠪᠠᠶᠢᠭ᠎ᠠ ᠶᠤᠮ᠃ ᠬᠢᠲᠠᠳ ᠬᠡᠯᠡᠨ ᠤ 梦 ᠭᠡᠳᠡᠭ ᠦᠭᠡ ᠨᠢ 做梦 ︵ᠵᠡᠭᠦᠳᠦᠯᠡᠬᠦ︶ ᠪᠠ 梦想 ︵ᠬᠦᠰᠡᠯ᠂ ᠮᠦᠷᠦᠭᠡᠳᠦᠯ᠂ ᠬᠦᠰᠡᠯᠡᠩ︶ ᠭᠡᠰᠡᠨ ᠬᠤᠶᠠᠷ ᠤᠳᠬ᠎ᠠ ᠲᠠᠢ᠃ 中国梦 ᠭᠡᠪᠡᠯ ︽ᠳᠤᠮᠳᠠᠳᠤ ᠶᠢᠨ ᠬᠦᠰᠡᠯ ᠮᠦᠷᠦᠭᠡᠳᠦᠯ ᠪᠤᠶᠤ ᠬᠦᠰᠡᠯᠡᠩ︾ ᠢ ᠵᠢᠭᠠᠬᠤ ᠠᠴᠠ ᠪᠢᠰᠢ᠂ ᠶᠠᠭᠠᠬᠢᠭᠰᠠᠨ ᠴᠦ ︽ᠵᠡᠭᠦᠳᠦ᠂ ᠵᠡᠭᠦᠳᠦᠯᠡᠬᠦ︾ ᠶᠢ ᠵᠢᠭᠠᠬᠤ ᠪᠢᠰᠢ ᠶᠤᠮ᠃ ᠮᠤᠩᠭᠤᠯᠴᠤᠳ ᠲᠤ ︽ᠵᠡᠭᠦᠳᠦ︾ ᠭᠡᠪᠡᠯ ᠬᠡᠢ ᠬᠤᠭᠤᠰᠤᠨ ᠬᠦᠰᠡᠯ ᠮᠦᠷᠦᠭᠡᠳᠦᠯ ᠤᠨ ᠪᠤᠳᠤᠯ ᠲᠦᠷᠦᠭᠳᠡᠯ ᠤᠯᠭᠤᠵᠤ᠂ ︽ᠰᠡᠷᠡᠬᠦ ᠦᠭᠡᠢ ᠪᠤᠯ ᠰᠠᠶᠢᠬᠠᠨ ᠵᠡᠭᠦᠳᠦ︾᠂ ︽ᠵᠡᠭᠦᠳᠦ ᠪᠠᠷ ᠢᠶᠠᠨ ᠱᠠᠯᠪᠢᠩ ᠢᠳᠡᠬᠦ︾ ᠭᠡᠬᠦᠴᠢᠯᠡᠨ ᠬᠡᠯᠡᠳᠡᠭ᠃ ᠡᠶᠢᠮᠦ ᠠᠴᠠ ᠲᠤᠰ ᠤᠷᠴᠢᠭᠤᠯᠭ᠎ᠠ ᠨᠢ ᠮᠤᠩᠭᠤᠯ ᠲᠦᠮᠡᠨ ᠳᠤ ᠲᠠᠭᠠᠰᠢᠶᠠᠭᠳᠠᠬᠤ ᠦᠭᠡᠢ ᠪᠠᠶᠢᠭ᠎ᠠ ᠨᠢ ᠯᠠᠪᠲᠠᠢ ᠶᠤᠮ᠃ ᠨᠡᠩ ᠴᠦ ︽ᠵᠡᠭᠦᠳᠦ ᠪᠠᠨ ᠲᠡᠷᠭᠡᠯᠰᠢᠭᠦᠯᠬᠦ︾ ᠭᠡᠵᠦ ᠤᠷᠴᠢᠭᠤᠯᠤᠭᠰᠠᠨ ᠨᠢ ᠪᠤᠢ᠃ ︽ᠲᠡᠷᠭᠡᠯᠰᠢᠭᠦᠯᠬᠦ︾ ᠭᠡᠳᠡᠭ ᠦᠭᠡ ᠶᠢ ᠤᠯᠠᠩᠬᠢ ᠳᠠᠭᠠᠨ ︽ᠰᠠᠷᠠ ᠲᠡᠷᠭᠡᠯᠰᠢᠬᠦ︾ ᠭᠡᠬᠦᠴᠢᠯᠡᠨ ᠬᠡᠷᠡᠭᠯᠡᠳᠡᠭ᠃ ᠤᠤᠯ ᠦᠭᠡ ᠶᠢ ᠵᠡᠭᠦᠳᠦᠨ ᠳᠤ ᠬᠡᠷᠡᠭᠯᠡᠭᠰᠡᠨ ᠨᠢ ᠨᠡᠩ ᠴᠦ ᠤᠨᠤᠪᠴᠢ ᠦᠭᠡᠢ ᠪᠤᠯᠵᠠᠢ᠃ ᠤᠳᠤᠬᠠᠨ ᠳᠤ ᠵᠠᠷᠢᠮ ᠤᠷᠴᠢᠭᠤᠯᠭ᠎ᠠ ᠳᠤ ᠡᠨᠡ ᠬᠦ 梦 ᠭᠡᠳᠡᠭ ᠦᠭᠡ ᠶᠢ ︽ᠬᠦᠰᠡᠯ︾᠂ ︽ᠬᠦᠰᠡᠯᠡᠩ︾ ᠭᠡᠵᠦ ᠠᠳᠠᠯᠢ ᠦᠭᠡᠢ ᠤᠷᠴᠢᠭᠤᠯᠵᠤ᠂ ᠮᠤᠩᠭᠤᠯ ᠤᠯᠤᠰ ᠤᠨ ᠬᠡᠪᠯᠡᠯ ᠳᠤ ︽ᠮᠦᠷᠦᠭᠡᠳᠦᠯ︾ ᠭᠡᠵᠦ ᠤᠷᠴᠢᠭᠤᠯᠵᠤ ᠪᠤᠢ᠃ ᠡᠭᠦᠨ ᠢ ᠨᠢᠭᠡ ᠪᠠᠷ ᠨᠢ ᠨᠢᠭᠡᠳᠬᠡᠬᠦ ᠴᠢᠬᠤᠯᠠᠲᠠᠢ ᠶᠤᠮ᠃        丝绸之路 ᠭᠡᠰᠡᠨ ᠢ ︽ᠲᠤᠷᠭᠠᠨ ᠵᠠᠮ︾ ᠭᠡᠵᠦ ᠤᠷᠴᠢᠭᠤᠯᠵᠤ ᠪᠠᠶᠢᠨ᠎ᠠ᠃ ᠮᠤᠩᠭᠤᠯ ᠬᠡᠯᠡ ᠵᠦᠢ ᠶᠢᠨ ᠶᠤᠰᠤ ᠪᠠᠷ ᠲᠤᠷᠭ᠎ᠠ ᠨᠢ ᠪᠦᠲᠦᠭᠰᠡᠨ ᠡᠳ᠋ ᠤᠨ ᠲᠤᠳᠤᠳᠬᠠᠯ ᠪᠤᠯᠵᠤ᠂ ᠵᠠᠮ ᠨᠢ ᠲᠤᠷᠭᠠᠨ ᠵᠠᠮ ᠪᠤᠯᠵᠠᠢ᠃ ᠡᠨᠡ  ᠨᠢ ᠡᠷᠲᠡᠨ ᠤ ᠦᠶᠡᠰ ᠳᠤᠮᠳᠠᠳᠤ ᠤᠯᠤᠰ ᠤᠨ ᠲᠤᠷᠭ᠎ᠠ ᠳᠤᠷᠳᠤᠩ ᠢ ᠪᠠᠷᠠᠭᠤᠨ ᠠᠽᠢᠶ᠎ᠠ ᠵᠡᠷᠭᠡ ᠭᠠᠵᠠᠷ ᠤᠷᠤᠨ ᠵᠦᠭ ᠠᠴᠢᠵᠤ ᠵᠦᠭᠡᠭᠡᠪᠦᠷᠢᠯᠡᠳᠡᠭ ᠤᠯᠠᠭ᠎ᠠ ᠵᠠᠮ ᠢ ᠵᠢᠭᠠᠭᠰᠠᠨ ︽ᠲᠤᠷᠭᠠᠨ ᠤ ᠵᠠᠮ︾ ᠶᠤᠮ᠃ ᠬᠠᠷᠢᠨ ᠶᠠᠭᠠᠬᠢᠭᠰᠠᠨ ᠴᠦ ︽ᠲᠤᠷᠭᠠᠨ ᠵᠠᠮ︾ ᠭᠡᠵᠦ ᠬᠡᠯᠡᠬᠦ ᠦᠭᠡᠢ ᠶᠤᠮ᠃        二维码 ᠶᠢ ᠨᠡᠷ᠎ᠡ ᠲᠤᠮᠢᠶ᠎ᠠ ᠲᠤᠭᠲᠠᠭᠠᠬᠤ ᠳᠠᠭᠠᠨ ︽ᠬᠤᠶᠠᠷ ᠬᠡᠮᠵᠢᠯᠲᠦ ᠺᠤᠳ᠋︾ ᠭᠡᠵᠦ᠂ ᠵᠠᠷᠢᠮ ᠤᠷᠴᠢᠭᠤᠯᠭ᠎ᠠ ᠳᠤ ᠴᠦ ᠬᠡᠷᠡᠭᠯᠡᠵᠦ ᠦᠩᠭᠡᠷᠡᠵᠡᠢ᠃ ᠡᠨᠡ ᠬᠦ ᠦᠰᠦᠭ ᠳᠠᠷᠤᠵᠤ ᠦᠬᠦᠮᠡᠯ ᠢᠶᠠᠷ ᠤᠷᠴᠢᠭᠤᠯᠤᠭᠰᠠᠨ ᠤᠷᠴᠢᠭᠤᠯᠭ᠎ᠠ ᠶᠢ ᠦᠵᠡᠮᠡᠭᠴᠡ ᠮᠡᠳᠡᠵᠦ ᠪᠤᠯᠬᠤ ᠪᠦᠭᠡᠳ ᠮᠤᠩᠭᠤᠯ ᠲᠦᠮᠡᠨ ᠳᠤ ᠲᠠᠭᠠᠰᠢᠶᠠᠭᠳᠠᠭᠰᠠᠨ ᠦᠭᠡᠢ ᠪᠠᠶᠢᠪᠠ᠃ ᠨᠢᠭᠡᠨ ᠮᠠᠯᠴᠢᠨ ᠵᠠᠯᠠᠭᠤ ᠸᠢᠴᠠᠲ ᠳᠡᠭᠡᠷ᠎ᠡ ᠡᠨᠡ ᠦᠭᠡ ᠶᠢ ︽ᠮᠡᠷᠭᠡᠨ ᠴᠤᠬᠤᠷ︾ ᠭᠡᠵᠦ ᠤᠷᠴᠢᠭᠤᠯᠤᠭᠰᠠᠨ ᠨᠢ ᠤᠳᠤ ᠨᠡᠶᠢᠳᠡᠮ ᠬᠡᠷᠡᠭᠯᠡᠭᠳᠡᠵᠦ ᠪᠤᠢ᠃ ︽ᠮᠡᠳᠡᠳᠡᠭ ᠲᠤ ᠮᠡᠷᠭᠡᠨ ᠴᠤᠬᠤᠷ᠂ ᠮᠡᠳᠡᠳᠡᠭ ᠦᠭᠡᠢ ᠳᠤ ᠡᠷᠢᠶᠡᠨ ᠴᠤᠬᠤᠷ︾ ᠭᠡᠰᠡᠨ ᠮᠤᠩᠭᠤᠯ ᠵᠦᠢᠷ ᠦᠭᠡ ᠪᠠᠶᠢᠳᠠᠭ ᠠᠴᠠ ᠡᠭᠦᠨ ᠢ ᠤᠯᠠᠮᠵᠢᠯᠠᠨ ᠤᠯᠠᠷᠢᠭᠤᠯᠤᠭᠰᠠᠨ ᠤ ᠳ᠋ᠦᠩ ᠳᠤ ᠤᠯᠠᠨ ᠤ ᠲᠠᠭᠠᠰᠢᠶᠠᠯ ᠳᠤ ᠬᠦᠷᠦᠭᠰᠡᠨ ᠨᠢ ᠢᠯᠡᠬᠡᠨ ᠶᠤᠮ᠃        以习近平同志为核心的党中央 ᠭᠡᠰᠡᠨ ᠢ ︽ᠰᠢ ᠶᠢᠨ ᠫᠢᠩ ᠨᠦᠬᠦᠷ ᠢᠶᠠᠷ ᠭᠤᠤᠯ ᠪᠤᠯᠭᠠᠭᠰᠠᠨ ᠨᠠᠮ ᠤᠨ ᠲᠦᠪ ᠬᠤᠷᠢᠶ᠎ᠠ︾ ᠭᠡᠵᠦ ᠤᠷᠴᠢᠭᠤᠯᠵᠤ ᠪᠠᠶᠢᠨ᠎ᠠ᠃ ᠠᠯᠢ ᠡᠷᠲᠡ ︽ᠮᠠᠦ ᠽᠧ ᠳ᠋ᠦᠩ ᠤᠨ ᠰᠤᠩᠭᠤᠮᠠᠯ ᠵᠤᠬᠢᠶᠠᠯ︾ ᠤᠨ ᠤᠷᠴᠢᠭᠤᠯᠭ᠎ᠠ ᠳᠤ 核心 ᠶᠢ 中心 ᠠᠴᠠ ᠢᠯᠭᠠᠵᠤ ︽ᠭᠤᠤᠯᠯᠠᠭᠴᠢ︾ ᠭᠡᠵᠦ ᠤᠷᠴᠢᠭᠤᠯᠵᠤ᠂ 领导我们事业的核心力量是中国共产党 ᠭᠡᠰᠡᠨ ᠢ ︽ᠮᠠᠨ ᠤ ᠠᠵᠢᠯ ᠦᠢᠯᠡᠰ ᠢ ᠤᠳᠤᠷᠢᠳᠬᠤ ᠭᠤᠤᠯᠯᠠᠭᠴᠢ ᠬᠦᠴᠦᠨ ᠪᠤᠯ ᠳᠤᠮᠳᠠᠳᠤ ᠤᠯᠤᠰ ᠤᠨ ᠡᠪ ᠬᠠᠮᠲᠤ ᠨᠠᠮ ᠮᠦᠨ︾ ᠭᠡᠵᠦ ᠤᠨᠤᠪᠴᠢᠲᠠᠢ ᠰᠠᠶᠢᠬᠠᠨ ᠤᠷᠴᠢᠭᠤᠯᠵᠤ ᠳᠠᠳᠤᠭᠰᠠᠨ ᠪᠠᠶᠢᠳᠠᠭ᠃ ᠨᠡᠷ᠎ᠡ ᠲᠤᠮᠢᠶ᠎ᠠ ᠲᠤᠭᠲᠠᠭᠠᠬᠤ ᠵᠠᠷᠴᠢᠮ ᠳᠤ ᠦᠨᠳᠦᠰᠦᠯᠡᠪᠡᠯ ᠲᠤᠬᠠᠢ ᠶᠢᠨ ᠦᠶ᠎ᠡ ᠶᠢᠨ ᠨᠢᠭᠡ ᠨᠡᠷ᠎ᠡ ᠲᠤᠮᠢᠶ᠎ᠠ ᠨᠢ ᠮᠤᠩᠭᠤᠯ ᠬᠡᠯᠡᠨ ᠳᠤ ᠢᠳᠡᠭᠡᠰᠢᠨ ᠰᠢᠩᠭᠡᠭᠰᠡᠨ ᠪᠠᠶᠢᠪᠠᠯ ᠲᠠᠬᠢᠵᠤ ᠦᠭᠡᠷ᠎ᠡ ᠶᠠᠩᠵᠤ ᠪᠠᠷ ᠤᠷᠴᠢᠭᠤᠯᠬᠤ ᠴᠢᠬᠤᠯᠠ ᠦᠭᠡᠢ ᠪᠠᠶᠢᠳᠠᠭ ᠪᠢᠯᠡ᠃ ᠭᠡᠬᠦ ᠳᠤ ᠠᠳᠠᠯᠢ ᠨᠢᠭᠡ ᠵᠤᠬᠢᠶᠠᠯ ᠳᠤ 以核心的 ᠁ ᠶᠢ ︽ᠭᠤᠤᠯ ᠪᠤᠯᠭᠠᠭᠰᠠᠨ︾ ᠭᠡᠵᠦ᠂ ᠬᠠᠷᠢᠨ 核心意识 ᠭᠡᠰᠡᠨ ᠢ ︽ᠭᠤᠤᠯ ᠤᠬᠠᠮᠰᠠᠷ︾ ᠭᠡᠵᠦ ᠤᠷᠴᠢᠭᠤᠯᠬᠤ ᠳᠤ ᠲᠤᠩ ᠲᠤᠬᠢᠷᠠᠮᠵᠢ ᠦᠭᠡᠢ ᠪᠤᠯᠬᠤᠷ ︽ᠭᠤᠤᠯᠯᠠᠭᠴᠢ ᠤᠬᠠᠮᠰᠠᠷ︾ ᠭᠡᠵᠡᠢ᠃ ᠡᠶᠢᠮᠦᠷᠬᠦᠦ ᠨᠢᠭᠡ ᠦᠭᠡ ᠶᠢ ᠨᠢᠭᠡ ᠦᠭᠦᠯᠡᠪᠦᠷᠢ ᠪᠠ ᠨᠢᠭᠡ ᠵᠤᠬᠢᠶᠠᠯ ᠳᠤ ᠬᠤᠶᠠᠷ ᠶᠠᠩᠵᠤ ᠪᠠᠷ ᠤᠷᠴᠢᠭᠤᠯᠵᠤ ᠪᠠᠶᠢᠭ᠎ᠠ ᠬᠠᠷᠢᠭᠤᠴᠠᠯᠭ᠎ᠠ ᠦᠭᠡᠢ᠂ ᠳᠦᠷᠢᠮᠵᠢᠯ ᠪᠤᠰᠤ ᠤᠷᠴᠢᠭᠤᠯᠭ᠎ᠠ ᠪᠠ ᠠᠵᠢᠯᠯᠠᠭ᠎ᠠ ᠶᠢ ᠡᠷᠡᠰ ᠵᠠᠯᠠᠷᠠᠭᠤᠯᠪᠠᠯ ᠵᠤᠬᠢᠨ᠎ᠠ᠃ ᠪᠠᠰᠠ ᠨᠢᠭᠡ ᠵᠢᠱᠢᠶ᠎ᠡ ᠳᠤᠷᠠᠳᠪᠠᠯ᠄ ︽ᠳ᠋ᠧᠩ ᠰᠢᠶᠤᠤ ᠫᠢᠩ ᠤᠨ ᠰᠤᠩᠭᠤᠮᠠᠯ ᠵᠤᠬᠢᠶᠠᠯ︾ ᠪᠠ ᠨᠠᠮ ᠲᠦᠷᠦ ᠶᠢᠨ ᠠᠯᠪᠠᠨ ᠪᠢᠴᠢᠭ ᠮᠠᠲ᠋ᠧᠷᠢᠶᠠᠯ ᠳᠤ 以经济建设为中心 ᠁ ᠭᠡᠰᠡᠨ ᠢ ᠨᠢᠭᠡᠨᠲᠡ ︽ᠠᠵᠤ ᠠᠬᠤᠢ ᠶᠢᠨ ᠪᠦᠲᠦᠭᠡᠨ ᠪᠠᠶᠢᠭᠤᠯᠤᠯᠲᠠ ᠪᠠᠷ ᠭᠤᠤᠯ ᠪᠤᠯᠭᠠᠬᠤ ᠁︾ ᠭᠡᠵᠦ ᠤᠷᠴᠢᠭᠤᠯᠵᠤ ᠲᠤᠭᠲᠠᠭᠰᠠᠨ ᠪᠠᠶᠢᠳᠠᠭ᠃ ᠡᠶᠢᠮᠦ ᠠᠴᠠ 核心、中心 ᠭᠡᠰᠡᠨ ᠦᠭᠡ ᠶᠢᠨ ᠤᠷᠴᠢᠭᠤᠯᠭ᠎ᠠ ᠶᠢ ᠠᠳᠠᠯᠢ ᠪᠤᠯᠭᠠᠬᠤ ᠨᠢ ᠵᠤᠬᠢᠰ ᠦᠭᠡᠢ ᠶᠤᠮ᠃        习近平同志系列重要讲话 ᠭᠡᠰᠡᠨ ᠢ ︽ᠰᠢ ᠶᠢᠨ ᠫᠢᠩ ᠨᠦᠬᠦᠷ ᠤᠨ ᠰᠢᠷᠢᠰ ᠴᠢᠬᠤᠯᠠ ᠶᠠᠷᠢᠶ᠎ᠠ︾ ᠭᠡᠵᠦ ᠤᠷᠴᠢᠭᠤᠯᠵᠤ ᠪᠠᠶᠢᠨ᠎ᠠ᠃ ︽ᠰᠢᠷᠢᠰ ᠴᠢᠬᠤᠯᠠ ᠶᠠᠷᠢᠶ᠎ᠠ︾ ᠶᠢ ᠤᠳᠬ᠎ᠠ ᠳᠤᠨᠢ ᠦᠨᠳᠦᠰᠦᠯᠡᠵᠦ ︽ᠴᠢᠬᠤᠯᠠ ᠶᠠᠷᠢᠶ᠎ᠠ ᠨᠤᠭᠤᠳ︾ ᠭᠡᠪᠡᠯ ᠮᠤᠩᠭᠤᠯ ᠤᠷᠴᠢᠭᠤᠯᠭ᠎ᠠ ᠶᠢᠨ ᠶᠤᠰᠤᠨ ᠳᠤ ᠨᠡᠶᠢᠴᠡᠬᠦ ᠶᠤᠮ᠃ ᠮᠤᠩᠭᠤᠯᠴᠤᠳ ᠬᠤᠭᠤᠷᠤᠨᠳᠤ ᠪᠠᠨ ᠦᠭᠡ ᠬᠡᠯᠡᠯᠴᠡᠬᠦ ᠪᠤᠶᠤ ᠵᠤᠬᠢᠶᠠᠯ ᠪᠢᠴᠢᠬᠦ ᠳᠡᠭᠡᠨ ︽ᠰᠢᠷᠢᠰ︾ ᠪᠠ ︽ᠰᠢᠷᠢᠰᠵᠢᠭᠦᠯᠦᠶ᠎ᠡ︾ ᠭᠡᠵᠦ ᠬᠡᠯᠡᠳᠡᠭ ᠦᠭᠡᠢ᠃ 系列剧 ᠶᠢ ︽ᠴᠤᠪᠤᠷᠠᠯ ᠵᠦᠴᠦᠭᠡ︾ ᠭᠡᠵᠦ ᠬᠡᠯᠡᠪᠡᠯ ᠮᠤᠩᠭᠤᠯ ᠶᠤᠰᠤ ᠵᠠᠩᠰᠢᠯ ᠳᠤ ᠨᠡᠶᠢᠴᠡᠬᠦ ᠠᠴᠠ ᠪᠢᠰᠢ᠂ ︽ᠰᠢᠷᠢᠰ ᠵᠦᠴᠦᠭᠡ︾ ᠭᠡᠪᠡᠯ ᠤᠶᠢᠯᠠᠭᠠᠬᠤ ᠳᠤ ᠪᠡᠷᠬᠡ ᠪᠤᠯᠤᠨ᠎ᠠ᠃        习近平治国理政新思想 ᠭᠡᠰᠡᠨ ᠢ ︽ᠰᠢ ᠶᠢᠨ ᠫᠢᠩ ᠤᠨ ᠲᠦᠷᠦ ᠶᠢ ᠵᠠᠰᠠᠵᠤ ᠵᠠᠰᠠᠭ ᠢ ᠡᠷᠬᠢᠯᠡᠬᠦ ᠰᠢᠨ᠎ᠡ ᠦᠵᠡᠯ ᠰᠠᠨᠠᠭ᠎ᠠ︾ ᠭᠡᠵᠦ ᠰᠢᠪᠲᠤᠷᠤᠨ ᠤᠷᠴᠢᠭᠤᠯᠵᠤ ᠪᠤᠢ᠃ ᠡᠨᠡ ᠨᠢ ᠤᠳᠬ᠎ᠠ ᠶᠢᠨ ᠬᠤᠪᠢ ᠳᠤ ᠤᠶᠢᠯᠠᠭᠠᠭᠰᠠᠨ ᠲᠠᠯ᠎ᠠ ᠪᠠᠷ ᠠᠰᠠᠭᠤᠳᠠᠯ ᠦᠭᠡᠢ᠃ ᠭᠡᠪᠡᠴᠦ ᠤᠳᠠᠭᠠᠨ ᠵᠢᠯ ᠤᠨ ᠤᠷᠴᠢᠭᠤᠯᠭ᠎ᠠ ᠶᠢᠨ ᠲᠤᠷᠰᠢᠯᠭ᠎ᠠ ᠲᠠᠢ᠂ ᠡᠨᠡ ᠲᠠᠯ᠎ᠠ ᠶᠢᠨ ᠤᠷᠴᠢᠭᠤᠯᠭ᠎ᠠ ᠳᠤ ᠴᠠᠭᠠᠷᠠᠭᠰᠠᠳ ᠶᠠᠭᠠᠬᠢᠭᠰᠠᠨ ᠴᠦ ᠢᠩᠭᠢᠵᠦ ᠰᠤᠨᠵᠢᠷᠠᠭᠤᠯᠤᠨ ᠤᠷᠴᠢᠭᠤᠯᠬᠤ ᠦᠭᠡᠢ ᠶᠤᠮ᠃ ᠮᠠᠦ ᠽᠧ ᠳ᠋ᠦᠩ ᠤᠨ ᠰᠤᠩᠭᠤᠮᠠᠯ ᠵᠤᠬᠢᠶᠠᠯ ᠳᠠᠬᠢ ︽矛盾论︾ ︽实践论︾ ᠭᠡᠰᠡᠨ ᠵᠤᠬᠢᠶᠠᠯ ᠤᠨ ᠨᠡᠷ᠎ᠡ ᠶᠢ ︽ᠵᠦᠷᠢᠴᠡᠯ ᠤᠨ ᠲᠤᠬᠠᠢ ᠦᠭᠦᠯᠡᠬᠦ ᠨᠢ︾᠂ ︽ᠦᠢᠯᠡᠳᠦᠯᠭᠡ ᠶᠢᠨ ᠲᠤᠬᠠᠢ ᠦᠭᠦᠯᠡᠬᠦ  ᠨᠢ︾ ᠭᠡᠵᠦ ᠤᠷᠴᠢᠭᠤᠯᠤᠭᠰᠠᠨ ᠦᠭᠡᠢ᠂ ᠰᠢᠭᠤᠳ ︽ᠵᠦᠷᠢᠴᠡᠯ ᠤᠨ ᠲᠤᠬᠠᠢ︾᠂ ︽ᠦᠢᠯᠡᠳᠦᠯᠭᠡ ᠶᠢᠨ ᠲᠤᠬᠠᠢ︾ ᠭᠡᠵᠦ ᠤᠷᠴᠢᠭᠤᠯᠤᠭᠰᠠᠨ ᠨᠢ ᠤᠳᠤᠷᠢᠳᠤᠭᠴᠢ ᠶᠢᠨ ᠵᠤᠬᠢᠶᠠᠯ ᠤᠨ ᠭᠦᠨ ᠴᠢᠨᠠᠷ ᠢ ᠨᠡᠩ ᠬᠠᠷᠠᠭᠤᠯᠵᠤ ᠴᠢᠳᠠᠭᠰᠠᠨ ᠪᠠᠶᠢᠳᠠᠭ᠃ ᠡᠶᠢᠮᠦᠷᠬᠦᠦ ᠦᠯᠢᠭᠡᠷ ᠵᠢᠱᠢᠶ᠎ᠡ ᠪᠠ ᠤᠯᠠᠮᠵᠢᠯᠠᠯ ᠳᠤ ᠦᠨᠳᠦᠰᠦᠯᠡᠵᠦ᠂ ᠳᠤᠮᠳᠠᠳᠤ ᠤᠯᠤᠰ ᠤᠨ ᠦᠨᠳᠦᠰᠦᠲᠡᠨ ᠤ ᠬᠡᠯᠡ ᠪᠢᠴᠢᠭ ᠤᠨ ᠤᠷᠴᠢᠭᠤᠯᠭ᠎ᠠ ᠶᠢᠨ ᠲᠤᠪᠴᠢᠶ᠎ᠠ 治国理政 ᠭᠡᠰᠡᠨ ᠦᠭᠡ ᠶᠢ ︽ᠲᠦᠷᠦ ᠶᠢ ᠵᠠᠰᠠᠬᠤ ᠲᠤᠬᠠᠢ︾ ᠭᠡᠵᠦ ᠬᠠᠪᠤᠯᠢᠭ ᠰᠠᠶᠢᠬᠠᠨ ᠤᠷᠴᠢᠭᠤᠯᠤᠭᠰᠠᠨ ᠢ ᠠᠩᠬᠠᠷᠤᠯ ᠳᠠᠭᠠᠨ ᠠᠪᠴᠤ ᠬᠡᠷᠡᠭᠵᠢᠭᠦᠯᠪᠡᠯ ᠵᠤᠬᠢᠨ᠎ᠠ᠃        保护一片绿色,撑起一片蓝天 ᠭᠡᠳᠡᠭ ᠢ ︽ᠨᠢᠭᠡ ᠬᠡᠰᠡᠭ ᠨᠤᠭᠤᠭᠠᠨ ᠭᠠᠵᠠᠷ ᠢ ᠬᠠᠮᠠᠭᠠᠯᠠᠵᠤ᠂ ᠨᠢᠭᠡ ᠬᠡᠰᠡᠭ ᠬᠦᠬᠡ ᠲᠡᠭᠷᠢ ᠶᠢ ᠴᠡᠯᠮᠡᠭᠰᠢᠭᠦᠯᠦᠶ᠎ᠡ︾ ᠭᠡᠵᠦ ᠲᠤᠩ ᠤᠩᠰᠢᠪᠤᠷᠢ ᠦᠭᠡᠢ ᠤᠷᠴᠢᠭᠤᠯᠵᠠᠢ᠃ ᠤᠤᠯ ᠦᠭᠡ ᠶᠢ ᠮᠤᠩᠭᠤᠯ ᠰᠡᠳᠬᠢᠮᠵᠢ᠂ ᠮᠤᠩᠭᠤᠯ ᠨᠠᠶᠢᠷᠠᠭᠤᠯᠭ᠎ᠠ ᠵᠦᠢ ᠶᠢᠨ ᠲᠠᠯ᠎ᠠ ᠠᠴᠠ ᠪᠤᠳᠤᠯᠬᠢᠯᠠᠪᠠᠯ ︽ᠡᠬᠡ ᠭᠠᠵᠠᠷ ᠢᠶᠠᠨ ᠨᠤᠭᠤᠭᠠᠨ ᠢᠶᠠᠷ ᠨᠢ ᠪᠠᠶᠢᠯᠭᠠᠪᠠᠯ ᠦᠨᠳᠦᠷ ᠲᠡᠭᠷᠢ ᠨᠢ ᠬᠦᠬᠡ ᠪᠠᠷ ᠢᠶᠠᠨ ᠪᠠᠶᠢᠳᠠᠭ ᠶᠤᠮ ︾ ᠭᠡᠵᠦ ᠶᠠᠷᠢᠬᠤ ᠶᠤᠰᠤᠲᠠᠢ᠃        三十年河东三十年河西 ᠭᠡᠳᠡᠭ ᠢ ︽ᠭᠤᠴᠢᠨ ᠵᠢᠯ ᠭᠠᠷᠤᠢ ᠭᠤᠤᠯ ᠤᠨ ᠵᠡᠭᠦᠨ ᠪᠠᠷᠠᠭᠤᠨ ᠢᠶᠠᠷ ᠠᠮᠢᠳᠤᠷᠠᠵᠤ ᠢᠷᠡᠵᠡᠢ︾ ᠭᠡᠵᠦ ᠶᠠᠮᠠᠷ ᠴᠦ ᠬᠡᠯᠡ ᠨᠠᠶᠢᠷᠠᠭᠤᠯᠭ᠎ᠠ ᠶᠢᠨ ᠪᠤᠯᠪᠠᠰᠤᠷᠠᠭᠤᠯᠤᠯᠲᠠ ᠦᠭᠡᠢ ᠪᠠᠷ ᠦᠭᠡ ᠦᠰᠦᠭ ᠳᠠᠷᠠᠭᠠᠯᠠᠨ ᠪᠠᠭᠤᠯᠭᠠᠵᠤ ᠤᠷᠴᠢᠭᠤᠯᠵᠠᠢ᠃ ᠡᠨᠡ ᠬᠡᠯᠡᠯᠭᠡ ᠨᠢ ᠬᠢᠲᠠᠳ ᠦᠨᠳᠦᠰᠦᠲᠡᠨ ᠤ ᠭᠤᠤᠯ ᠮᠦᠷᠡᠨ ᠤ ᠰᠠᠪᠠ ᠭᠠᠵᠠᠷ ᠢᠶᠠᠷ ᠦᠭᠰᠦᠵᠦ ᠤᠷᠤᠭᠤᠳᠠᠨ ᠠᠮᠢᠳᠤᠷᠠᠵᠤ ᠪᠠᠶᠢᠭᠰᠠᠨ ᠢ ᠵᠢᠭᠠᠳᠠᠭ ᠳᠦᠷᠰᠦᠯᠢᠭ ᠬᠡᠯᠡᠯᠭᠡ ᠪᠤᠯᠬᠤ ᠲᠤᠯᠠ ᠮᠤᠩᠭᠤᠯ ᠢᠶᠠᠷ ᠤᠷᠴᠢᠭᠤᠯᠬᠤ ᠳᠤ ᠮᠤᠩᠭᠤᠯ ᠨᠡᠭᠦᠳᠡᠯ ᠮᠠᠯᠵᠢᠯ ᠤᠨ ᠰᠤᠶᠤᠯ ᠤᠨ ᠤᠨᠴᠠᠯᠢᠭ ᠲᠠᠭᠠᠨ ᠲᠤᠬᠢᠷᠠᠭᠤᠯᠵᠤ ᠂ ᠶᠠᠮᠠᠷ ᠨᠢᠭᠡᠨ ᠭᠤᠤᠯ ᠮᠦᠷᠡᠨ ᠪᠤᠶᠤ ᠲᠠᠯ᠎ᠠ ᠬᠦᠨᠳᠡᠢ ᠶᠢ ᠦᠶ᠎ᠡ ᠤᠯᠠᠷᠢᠨ ᠦᠭᠰᠦᠨ ᠤᠷᠤᠭᠤᠳᠠᠨ ᠠᠵᠤ ᠲᠦᠷᠦᠨ ᠠᠮᠢᠳᠤᠷᠠᠵᠤ ᠪᠠᠶᠢᠯ᠎ᠠ ᠭᠡᠪᠡᠯ ᠤᠳᠬ᠎ᠠ ᠰᠠᠨᠠᠭ᠎ᠠ ᠶᠢ ᠨᠢ ᠭᠠᠷᠭᠠᠵᠤ ᠴᠢᠳᠠᠬᠤ ᠶᠤᠮ᠃ ᠬᠠᠷᠢᠨ ᠭᠤᠴᠢᠨ ᠵᠢᠯ ᠲᠠᠢ ᠶᠠᠮᠠᠷ ᠴᠦ ᠬᠠᠮᠢᠶ᠎ᠠ ᠦᠭᠡᠢ ᠪᠢᠯᠡ᠃ ᠡᠳᠡᠭᠡᠷ ᠨᠢ ᠴᠦᠮ ᠤᠷᠴᠢᠭᠤᠯᠤᠭᠴᠢ ᠳᠤ ᠮᠤᠩᠭᠤᠯ ᠬᠡᠯᠡᠴᠡ ᠶᠢᠨ ᠢᠯᠡᠳᠬᠡᠬᠦ ᠴᠢᠳᠠᠪᠤᠷᠢ ᠮᠡᠬᠦᠰᠲᠡᠭᠰᠡᠨ ᠪᠠ ᠤᠷᠠᠨ ᠵᠤᠬᠢᠶᠠᠯ ᠤᠨ ᠪᠤᠯᠪᠠᠰᠤᠷᠠᠯ ᠲᠤᠲᠠᠭᠤᠳᠠᠭᠰᠠᠨ ᠠᠴᠠ ᠪᠤᠯᠤᠭᠰᠠᠨ ᠶᠤᠮ᠃        ᠳᠡᠭᠡᠷᠡᠬᠢ ᠵᠢᠱᠢᠶᠡᠳ ᠲᠤ ᠳᠤᠷᠠᠳᠤᠭᠰᠠᠨ ᠦᠵᠡᠭᠳᠡᠯ ᠪᠤᠯ ᠭᠤᠤᠯᠳᠠᠭᠤ ᠨᠠᠶᠢᠷᠠᠭᠤᠯᠭ᠎ᠠ᠂ ᠦᠭᠡᠷ᠎ᠡ ᠪᠠᠷ ᠬᠡᠯᠡᠪᠡᠯ ᠢᠯᠡᠳᠬᠡᠬᠦ ᠳᠤ ᠭᠠᠷᠤᠭᠰᠠᠨ ᠡᠪ ᠬᠠᠪᠤ ᠦᠭᠡᠢ ᠤᠷᠴᠢᠭᠤᠯᠭ᠎ᠠ ᠶᠤᠮ᠃ ᠤᠷᠴᠢᠭᠤᠯᠤᠭᠴᠢ ᠵᠠᠪᠠᠯ ︽ᠤᠶᠢᠯᠠᠭᠠᠬᠤ︾ ᠪᠠ ︽ᠢᠯᠡᠳᠬᠡᠬᠦ︾ ᠶᠢ ᠦᠵᠡᠬᠦ ᠬᠤᠶᠠᠷ ᠨᠢᠳᠦ᠂ ᠬᠢᠰᠬᠢᠬᠦ ᠬᠤᠶᠠᠷ ᠬᠦᠯ ᠢᠶᠠᠨ ᠰᠢᠭ ᠲᠤᠲᠠᠵᠤ ᠪᠤᠯᠤᠰᠢ ᠦᠭᠡᠢ ᠴᠢᠬᠤᠯᠠ ᠪᠠᠷ ᠦᠵᠡᠬᠦ ᠬᠡᠷᠡᠭᠲᠡᠢ᠃ ᠵᠦᠪ ᠤᠶᠢᠯᠠᠭᠠᠴᠢᠬᠠᠪᠠᠯ ᠵᠦᠪ ᠢᠯᠡᠳᠬᠡᠴᠢᠬᠡᠨ᠎ᠡ ᠭᠡᠵᠦ ᠬᠡᠯᠡᠬᠦ ᠶᠢᠨ ᠠᠷᠭ᠎ᠠ ᠦᠭᠡᠢ᠃ ᠬᠤᠶᠠᠷ ᠬᠡᠯᠡᠨ ᠤ ᠢᠯᠡᠳᠬᠡᠬᠦ ᠵᠠᠩᠰᠢᠯ ᠪᠠ ᠬᠡᠯᠪᠡᠷᠢ ᠶᠢᠨ ᠠᠳᠠᠯᠢ ᠪᠤᠰᠤ ᠠᠴᠠ ᠪᠤᠯᠵᠤ ᠦᠭᠡ ᠶᠢᠨ ᠬᠤᠮᠰᠠᠳᠠᠯ ᠪᠤᠶᠤ ᠬᠡᠯᠪᠡᠷᠢ ᠶᠢᠨ ᠬᠤᠮᠰᠠᠳᠠᠯ ᠪᠤᠢ ᠪᠤᠯᠬᠤ ᠶᠠᠪᠤᠳᠠᠯ ᠴᠦ ᠳᠡᠭᠡᠷᠡᠬᠢ ᠵᠢᠱᠢᠶᠡᠨ ᠳᠤ ᠢᠯᠡᠷᠡᠭᠰᠡᠨ ᠪᠠᠶᠢᠨ᠎ᠠ᠃ ᠤᠷᠴᠢᠭᠤᠯᠭ᠎ᠠ ᠪᠤᠯ ᠨᠢᠭᠡ ᠲᠦᠷᠦᠯ ᠤᠨ ᠬᠡᠯᠡ ᠶᠢ ᠨᠦᠭᠦᠭᠡ ᠲᠦᠷᠦᠯ ᠤᠨ ᠬᠡᠯᠡᠨ ᠳᠡᠭᠡᠷ᠎ᠡ ᠲᠠᠬᠢᠨ ᠢᠯᠡᠳᠬᠡᠳᠡᠭ ᠬᠡᠯᠡᠨ ᠤ ᠤᠷᠠᠨ ᠨᠠᠷᠢᠨ ᠪᠦᠲᠦᠭᠡᠯᠴᠢ ᠠᠵᠢᠯᠯᠠᠭ᠎ᠠ ᠮᠦᠨ ᠭᠡᠳᠡᠭ ᠨᠢ ᠶᠠᠷᠢᠶᠠᠨ ᠦᠭᠡᠢ ᠲᠦᠮᠡᠨ ᠵᠦᠪ ᠶᠤᠮ᠃ ᠲᠤᠬᠠᠶᠢᠯᠠᠪᠠᠯ᠂ ᠤᠷᠴᠢᠭᠤᠯᠤᠭᠴᠢ ᠵᠠᠪᠠᠯ ᠬᠤᠶᠠᠷ ᠬᠡᠯᠡᠨ ᠳᠤ ᠨᠡᠪᠲᠡᠷᠡᠭᠰᠡᠨ ᠪᠠᠶᠢᠬᠤ ᠬᠡᠷᠡᠭᠲᠡᠢ᠃ ᠨᠡᠩ ᠴᠦ ᠤᠷᠴᠢᠭᠤᠯᠤᠭᠴᠢ ᠳᠤ ᠠᠪᠴᠤ ᠬᠡᠯᠡᠪᠡᠯ ᠪᠤᠷᠤᠭᠤ ᠤᠶᠢᠯᠠᠭᠠᠬᠤ ᠪᠤᠯ ᠪᠠᠶᠢᠵᠤ ᠪᠤᠯᠤᠰᠢ ᠦᠭᠡᠢ ᠶᠠᠪᠤᠳᠠᠯ ᠶᠤᠮ᠃ ᠭᠡᠬᠦ ᠳᠡᠭᠡᠨ ᠤᠳᠤᠬᠠᠨ ᠳᠤ ᠵᠦᠪ ᠤᠶᠢᠯᠠᠭᠠᠴᠢᠬᠠᠭᠠᠳ ᠤᠨᠤᠪᠴᠢᠲᠠᠢ ᠢᠯᠡᠳᠬᠡᠵᠦ ᠴᠢᠳᠠᠬᠤ ᠦᠭᠡᠢ ᠪᠠᠶᠢᠭ᠎ᠠ ᠨᠢ ᠤᠷᠴᠢᠭᠤᠯᠭ᠎ᠠ ᠶᠢᠨ ᠶᠠᠰᠤ ᠴᠢᠨᠠᠷ ᠢ ᠳᠤᠷᠤᠶᠢᠲᠠᠭᠤᠯᠵᠤ ᠪᠠᠶᠢᠭ᠎ᠠ ᠵᠦᠢᠯ ᠪᠤᠯᠤᠭᠠᠳ ᠪᠠᠶᠢᠭ᠎ᠠ ᠶᠢ ᠠᠩᠬᠠᠷᠤᠭᠤᠰᠢᠲᠠᠢ ᠪᠠᠶᠢᠨ᠎ᠠ᠃        ᠭᠤᠷᠪᠠ᠂ ᠤᠷᠤᠰᠤᠮ᠎ᠠ ᠢᠯᠡᠳᠬᠡᠬᠦ ᠪᠤᠯ ᠤᠷᠴᠢᠭᠤᠯᠭ᠎ᠠ ᠶᠢᠨ ᠳᠡᠭᠡᠳᠦ ᠬᠠᠷᠠᠯᠲᠠ        ᠡᠷᠳᠡᠮᠲᠡᠳ ︽ᠤᠷᠴᠢᠭᠤᠯᠤᠭᠴᠢ ᠪᠤᠯ ᠬᠠᠷᠢ ᠬᠡᠯᠡᠨ ᠤ ᠡᠷᠳᠡᠮᠲᠡᠨ ᠮᠦᠨ ᠪᠦᠭᠡᠳ ᠡᠬᠡ ᠬᠡᠯᠡᠨ ᠤ ᠵᠤᠬᠢᠶᠠᠯᠴᠢ ᠪᠠᠶᠢᠬᠤ ᠬᠡᠷᠡᠭᠲᠡᠢ︾ ᠭᠡᠰᠡᠨ ᠨᠢ ᠤᠷᠴᠢᠭᠤᠯᠤᠭᠴᠢᠳ ᠤᠨ ᠪᠡᠶᠡᠯᠡᠭᠦᠯᠬᠦ ᠬᠠᠷᠠᠯᠲᠠ ᠶᠢ ᠵᠢᠭᠠᠵᠤ ᠭᠠᠷᠭᠠᠭᠰᠠᠨ ᠶᠠᠪᠤᠳᠠᠯ ᠶᠤᠮ᠃ ᠤᠷᠴᠢᠭᠤᠯᠭ᠎ᠠ ᠶᠢᠨ ᠪᠠᠷᠢᠮᠵᠢᠶ᠎ᠠ ᠪᠤᠯ ᠤᠷᠴᠢᠭᠤᠯᠭ᠎ᠠ ᠶᠢᠨ ᠦᠢᠯᠡᠳᠦᠯᠭᠡ ᠶᠢ ᠰᠢᠯᠭᠠᠬᠤ ᠬᠡᠮᠵᠢᠭᠦᠷ ᠮᠦᠨ᠃ ᠤᠷᠴᠢᠭᠤᠯᠭ᠎ᠠ ᠶᠢᠨ ᠰᠠᠶᠢᠨ ᠮᠠᠭᠤ᠂ ᠵᠦᠪ ᠪᠤᠷᠤᠭᠤ ᠶᠢ ᠲᠤᠳᠤᠯᠠᠬᠤ ᠰᠢᠯᠭᠠᠭᠤᠷ᠂ ᠤᠷᠴᠢᠭᠤᠯᠤᠭᠴᠢᠳ ᠤᠨ ᠴᠢᠷᠮᠠᠶᠢᠨ ᠭᠦᠢᠴᠡᠳᠬᠡᠬᠦ ᠳᠡᠭᠡᠳᠦ ᠬᠠᠷᠠᠯᠲᠠ ᠮᠦᠨ᠃        ᠤᠷᠴᠢᠭᠤᠯᠭ᠎ᠠ ᠳᠤ ᠲᠤᠪᠴᠢ ᠠᠪᠰᠠᠷ᠂ ᠬᠤᠷᠴᠠ ᠪᠤᠯᠪᠠᠰᠤᠷᠠᠩᠭᠤᠢ᠂ ᠠᠮᠢᠳᠤ ᠳᠦᠷᠰᠦᠯᠢᠭ᠂ ᠢᠷᠠᠭᠤ ᠰᠠᠶᠢᠬᠠᠨ ᠬᠡᠯᠡ ᠶᠢ ᠬᠡᠷᠡᠭᠯᠡᠵᠦ ᠴᠢᠳᠠᠬᠤ ᠡᠰᠡᠭᠦ ᠨᠢ ᠵᠦᠪᠬᠡᠨ ᠤᠷᠠᠨ ᠵᠤᠬᠢᠶᠠᠯ ᠳᠤ ᠯᠡ ᠱᠠᠭᠠᠷᠳᠠᠭᠳᠠᠬᠤ ᠲᠡᠳᠦᠢ ᠪᠢᠰᠢ᠂ ᠠᠯᠪᠠᠨ ᠪᠢᠴᠢᠭ ᠮᠠᠲ᠋ᠧᠷᠢᠶᠠᠯ᠂ ᠤᠳᠤᠷᠢᠳᠤᠯᠭ᠎ᠠ ᠶᠢᠨ ᠶᠠᠷᠢᠶ᠎ᠠ ᠦᠭᠦᠯᠡᠯ ᠳᠤ ᠴᠦ ᠤᠷᠠᠨ ᠬᠠᠪᠤᠯᠢᠭ ᠦᠭᠡ ᠪᠠᠷ ᠡᠰᠢ ᠲᠠᠲᠠᠬᠤ ᠶᠠᠪᠤᠳᠠᠯ ᠦᠷᠭᠦᠯᠵᠢ ᠲᠤᠬᠢᠶᠠᠯᠳᠤᠳᠠᠭ ᠪᠤᠯᠬᠤᠷ ᠤᠷᠴᠢᠭᠤᠯᠤᠭᠴᠢ ᠵᠠᠪᠠᠯ ᠡᠨᠡ ᠲᠠᠯ᠎ᠠ ᠶᠢᠨ ᠵᠤᠬᠢᠬᠤ ᠬᠢᠷᠢ ᠬᠡᠮᠵᠢᠶ᠎ᠡ ᠲᠠᠢ ᠪᠠᠶᠢᠪᠠᠯ ᠵᠤᠬᠢᠨ᠎ᠠ᠃ ᠬᠡᠷᠪᠡ ᠤᠷᠴᠢᠭᠤᠯᠤᠭᠳᠠᠬᠤ ᠬᠡᠯᠡᠨ ᠤ ᠤᠶᠠᠩᠭᠠᠯᠢᠭ ᠰᠠᠶᠢᠬᠠᠨ ᠤᠷᠠᠨ ᠬᠡᠯᠡ ᠬᠡᠯᠡᠯᠭᠡ ᠶᠢ ᠪᠢᠳᠠᠭᠤ ᠬᠦᠰᠢᠭᠦᠨ ᠦᠭᠡ ᠪᠠᠷ ᠤᠷᠴᠢᠭᠤᠯᠪᠠᠯ ᠤᠩᠰᠢᠭᠴᠢᠳ ᠤᠨ ᠤᠷᠮ᠎ᠠ ᠶᠢ ᠬᠤᠭᠤᠯᠬᠤ ᠪᠦᠭᠡᠳ ᠤᠤᠯ ᠵᠤᠬᠢᠶᠠᠯ ᠤᠨ ᠬᠦᠴᠦᠨ ᠢ ᠪᠠᠭᠤᠷᠠᠭᠤᠯᠵᠤ᠂ ᠤᠷᠴᠢᠭᠤᠯᠤᠭᠴᠢ ᠶᠢᠨ ᠡᠭᠦᠷᠭᠡᠯᠡᠪᠡᠰᠦ ᠵᠤᠬᠢᠬᠤ ᠬᠠᠷᠢᠭᠤᠴᠠᠯᠭ᠎ᠠ ᠪᠠᠨ ᠠᠯᠳᠠᠬᠤ ᠶᠤᠮ᠃ ᠵᠢᠱᠢᠶᠡᠯᠡᠪᠡᠯ᠄ ᠨᠢᠭᠡᠨ ᠤᠳᠤᠷᠢᠳᠤᠯᠭ᠎ᠠ ᠶᠢᠨ ᠴᠢᠬᠤᠯᠠ ᠶᠠᠷᠢᠶ᠎ᠠ ᠳᠤ 7 ᠵᠦᠢᠷ ᠰᠡᠴᠡᠨ ᠦᠭᠡ ᠤᠷᠤᠵᠤ᠂ ᠡᠳᠡᠭᠡᠷ ᠤᠨ ᠵᠠᠷᠢᠮ ᠢ ᠨᠢ ᠮᠤᠩᠭᠤᠯ ᠵᠦᠢᠷ ᠰᠡᠴᠡᠨ ᠦᠭᠡᠨ ᠳᠤ ᠤᠨᠤᠭᠠᠨ ᠤᠷᠴᠢᠭᠤᠯᠵᠤ ᠪᠤᠯᠬᠤ ᠪᠤᠯᠪᠠᠴᠤ ᠵᠠᠷᠢᠮ ᠨᠢ ᠲᠤᠬᠢᠷᠠᠯᠴᠠᠬᠤ ᠦᠭᠡᠢ ᠪᠤᠶᠤ ᠶᠡᠷᠦ ᠠᠴᠠ ᠮᠤᠩᠭᠤᠯ ᠢᠶᠠᠷ ᠤᠷᠴᠢᠭᠤᠯᠤᠭᠰᠠᠨ ᠦᠭᠡᠢ ᠦᠭᠡ ᠨᠦᠭᠦᠳ ᠪᠠᠶᠢᠪᠠ᠃ ᠡᠳᠡᠭᠡᠷ ᠵᠦᠢᠷ ᠰᠡᠴᠡᠨ ᠦᠭᠡ ᠶᠢ ᠰᠠᠶᠢᠨ ᠤᠷᠴᠢᠭᠤᠯᠵᠤ ᠴᠢᠳᠠᠬᠤ ᠡᠰᠡᠭᠦ ᠨᠢ ᠪᠦᠬᠦ ᠵᠤᠬᠢᠶᠠᠯ ᠤᠨ ᠤᠷᠴᠢᠭᠤᠯᠭ᠎ᠠ ᠶᠢᠨ ᠴᠢᠨᠠᠷ ᠢ ᠪᠠᠲᠤᠯᠠᠬᠤ ᠲᠠᠢ ᠰᠢᠭᠤᠳ ᠬᠤᠯᠪᠤᠭᠳᠠᠬᠤ ᠨᠢ ᠳᠠᠮᠵᠢᠭ ᠦᠭᠡᠢ᠃ ᠵᠢᠱᠢᠶᠡᠯᠡᠪᠡᠯ᠄        天视自我民视,天听自我民听 ᠭᠡᠰᠡᠨ ᠢ ︽ᠲᠦᠮᠡᠨ ᠤ ᠬᠠᠷᠠᠭ᠎ᠠ ᠲᠡᠭᠷᠢ ᠳᠤ ᠂ ᠤᠯᠠᠨ ᠤ ᠰᠤᠨᠤᠷ ᠤᠷᠴᠢᠯᠠᠩ ᠳᠤ︾ ᠭᠡᠵᠦ᠂ 履不必同,期于适足;治不必同,期于利民 ᠢ ︽ᠭᠤᠲᠤᠯ ᠠᠳᠠᠯᠢ ᠦᠭᠡᠢ ᠳᠤᠷ ᠶᠠᠭᠠᠬᠢᠮᠤᠢ᠂ ᠬᠦᠯ ᠳᠤᠷ ᠲᠠᠭᠠᠷᠠᠪᠠᠰᠤ ᠡᠪᠲᠡᠢ᠂ ᠵᠠᠰᠠᠯᠲᠠ ᠠᠳᠠᠯᠢ ᠦᠭᠡᠢ ᠳᠤᠷ ᠶᠠᠭᠠᠬᠢᠮᠤᠢ᠂ ᠠᠷᠠᠳ ᠲᠤᠷ ᠲᠤᠰᠠᠲᠠᠢ ᠪᠤᠯᠪᠠᠰᠤ ᠰᠠᠶᠢᠨ ᠪᠤᠯᠠᠢ︾ ᠭᠡᠵᠦ᠂ 名非天造,必从其实 ᠭᠡᠰᠡᠨ ᠢ ︽ᠳᠠᠭᠤᠳᠠᠬᠤ ᠠᠯᠳᠠᠷ ᠨᠢ ᠳᠠᠭᠤᠷᠢᠰᠬᠤ ᠨᠢᠳᠡᠷ ᠠᠴᠠ︾ ᠭᠡᠵᠦ ᠤᠷᠴᠢᠭᠤᠯᠤᠭᠰᠠᠨ ᠨᠢ ᠡᠷᠲᠡᠨ ᠤ ᠤᠤᠯ ᠦᠭᠡ ᠦᠭᠦᠯᠡᠪᠦᠷᠢ ᠶᠢᠨ ᠤᠨᠴᠠᠯᠢᠭ ᠰᠢᠨᠵᠢ ᠶᠢ ᠠᠩᠬᠠᠷᠤᠭᠰᠠᠨ ᠠᠴᠠ ᠭᠠᠳᠠᠨ᠎ᠠ ᠮᠤᠩᠭᠤᠯ ᠬᠡᠯᠡᠨ ᠤ ᠬᠡᠯᠡ ᠬᠡᠯᠡᠯᠭᠡ ᠳᠡᠭᠡᠨ ᠵᠤᠬᠢᠴᠠᠭᠤᠯᠵᠤ ᠴᠢᠳᠠᠭᠰᠠᠨ ᠡᠪ ᠬᠠᠪᠤ ᠲᠠᠢ ᠤᠷᠴᠢᠭᠤᠯᠭ᠎ᠠ ᠪᠤᠯᠵᠠᠢ᠃ ᠡᠭᠦᠨ ᠳᠤ ᠤᠷᠠᠨ ᠵᠤᠬᠢᠶᠠᠯ ᠤᠨ ᠪᠤᠯᠪᠠᠰᠤᠷᠠᠯ ᠱᠠᠭᠠᠷᠳᠠᠭᠳᠠᠭᠰᠠᠨ ᠨᠢ ᠢᠯᠡᠬᠡᠨ ᠪᠤᠢ᠃        ᠡᠶᠢᠮᠦ ᠠᠴᠠ ᠤᠷᠴᠢᠭᠤᠯᠤᠭᠴᠢ ᠪᠤᠯᠤᠭᠰᠠᠳ ᠵᠦᠪᠬᠡᠨ ᠨᠢᠭᠡ ᠲᠦᠷᠦᠯ ᠤᠨ ᠤᠷᠴᠢᠭᠤᠯᠭ᠎ᠠ ᠳᠤ ᠯᠡ ᠴᠠᠭᠠᠷᠠᠭᠠᠳ ᠪᠤᠯᠬᠤ ᠪᠢᠰᠢ᠂ ᠤᠯᠠᠨ ᠲᠦᠷᠦᠯ ᠤᠨ ᠤᠷᠴᠢᠭᠤᠯᠭ᠎ᠠ ᠳᠤ ᠰᠤᠷᠢᠯᠲᠠ ᠰᠤᠷᠢᠭᠠᠨ ᠬᠢᠭᠰᠡᠨ ᠪᠠᠶᠢᠬᠤ ᠬᠡᠷᠡᠭᠲᠡᠢ ᠪᠦᠭᠡᠳ ᠢᠯᠠᠩᠭᠤᠶ᠎ᠠ ᠤᠷᠠᠨ ᠵᠤᠬᠢᠶᠠᠯ ᠤᠨ ᠪᠤᠯᠪᠠᠰᠤᠷᠠᠯ ᠲᠠᠢ ᠪᠠᠶᠢᠬᠤ ᠬᠡᠷᠡᠭᠲᠡᠢ᠃ ᠤᠳᠤ ᠦᠶ᠎ᠡ ᠶᠢᠨ ᠤᠷᠴᠢᠭᠤᠯᠭ᠎ᠠ ᠶᠢᠨ ᠮᠡᠷᠭᠡᠵᠢᠯᠲᠡᠨ ᠹᠦ᠋ ᠯᠸᠢ ︽ᠶᠡᠷᠦᠩᠬᠡᠶᠢᠯᠡᠭᠡᠳ ᠬᠡᠯᠡᠪᠡᠯ᠂ ᠤᠷᠴᠢᠭᠤᠯᠬᠤ ᠶᠠᠪᠤᠳᠠᠯ ᠪᠤᠯᠪᠠᠴᠤ ᠤᠷᠠᠯᠢᠭ ᠤᠨ ᠪᠤᠯᠪᠠᠰᠤᠷᠠᠯ ᠢᠶᠠᠷ ᠦᠨᠳᠦᠰᠦ ᠪᠤᠯᠭᠠᠪᠠᠯ ᠵᠤᠬᠢᠨ᠎ᠠ᠃ ᠬᠤᠷᠴᠠ ᠰᠤᠷᠭᠤᠭ ᠤᠶᠤᠨ ᠤᠬᠠᠭᠠᠨ ᠦᠭᠡᠢ᠂ ᠤᠷᠭᠢᠯᠤᠮ᠎ᠠ ᠬᠠᠯᠠᠭᠤᠨ ᠬᠠᠶᠢᠷ᠎ᠠ ᠰᠡᠳᠬᠢᠯᠭᠡ ᠦᠭᠡᠢ᠂ ᠵᠤᠬᠢᠬᠤ ᠬᠡᠮᠵᠢᠶᠡᠨ ᠤ ᠪᠠᠭ᠋ᠠᠳᠤᠯ ᠰᠤᠨᠢᠷᠬᠠᠯ ᠦᠭᠡᠢ᠂ ᠵᠤᠬᠢᠬᠤ ᠬᠡᠮᠵᠢᠶᠡᠨ ᠤ ᠨᠡᠶᠢᠭᠡᠮ ᠤᠨ ᠲᠤᠷᠰᠢᠯᠭ᠎ᠠ ᠦᠭᠡᠢ᠂ ᠭᠦᠢᠴᠡᠳ ᠲᠡᠭᠦᠯᠳᠡᠷ ᠶᠡᠷᠦ ᠶᠢᠨ ᠮᠡᠳᠡᠯᠭᠡ ᠦᠭᠡᠢ ᠪᠤᠯ ᠤᠭ ᠵᠤᠬᠢᠶᠠᠯ ᠢ ᠶᠠᠭᠠᠬᠢᠭᠰᠠᠨ ᠴᠦ ᠲᠤᠶᠢᠯᠪᠤᠷᠢᠲᠠᠢ ᠤᠶᠢᠯᠠᠭᠠᠵᠤ ᠴᠢᠳᠠᠬᠤ ᠦᠭᠡᠢ᠃ ᠤᠶᠢᠯᠠᠭᠠᠯ᠎ᠠ ᠭᠡᠳ ᠭᠦᠨᠵᠡᠭᠡᠢ ᠤᠬᠠᠵᠤ ᠴᠢᠳᠠᠬᠤ ᠦᠭᠡᠢ ᠶᠤᠮ︾ ᠭᠡᠵᠦ ᠬᠡᠯᠡᠭᠰᠡᠨ ᠨᠢ ᠤᠷᠠᠨ ᠵᠤᠬᠢᠶᠠᠯ ᠤᠨ ᠮᠡᠳᠡᠯᠭᠡ ᠪᠤᠯᠪᠠᠰᠤᠷᠠᠯ ᠤᠨ ᠦᠨ᠎ᠡ ᠴᠡᠨ᠎ᠡ ᠶᠢᠨ ᠲᠠᠯ᠎ᠠ ᠪᠠᠷ ᠦᠨᠳᠦᠷ ᠲᠤ ᠤᠶᠢᠯᠠᠭᠠᠭᠰᠠᠨ ᠶᠠᠪᠤᠳᠠᠯ ᠶᠤᠮ᠃ ᠡᠷᠳᠡᠮᠲᠡᠨ ᠪ᠊᠂ ᠷᠢᠨᠴᠢᠨ ︽ᠵᠠᠷᠢᠮᠳᠤᠭ ᠪᠤᠯᠪᠠᠰᠤᠷᠠᠯ ᠲᠠᠢ ᠤᠷᠴᠢᠭᠤᠯᠤᠭᠴᠢ ᠲᠠᠢ ᠵᠠᠶᠠᠭ᠎ᠠ ᠪᠠᠨ ᠬᠤᠯᠪᠤᠭᠰᠠᠨ ᠵᠤᠬᠢᠶᠠᠯ ᠬᠦᠭᠡᠷᠦᠬᠦᠢ︾ ᠭᠡᠵᠦ ᠨᠡᠩ ᠳᠦᠷᠰᠦᠯᠢᠭ ᠦᠭᠦᠯᠡᠵᠡᠢ᠃        ︽ᠤᠷᠠᠨ ᠵᠤᠬᠢᠶᠠᠯ ᠪᠤᠯ ᠠᠮᠢᠳᠤᠷᠠᠯ ᠤᠨ ᠲᠤᠯᠢ᠂ ᠬᠡᠯᠡᠨ ᠤ ᠤᠷᠠᠯᠢᠭ︾ ᠪᠤᠯᠬᠤᠷ ᠤᠷᠴᠢᠭᠤᠯᠤᠭᠴᠢᠳ ᠵᠠᠪᠠᠯ ᠤᠷᠠᠨ ᠵᠤᠬᠢᠶᠠᠯ᠂ ᠢᠯᠠᠩᠭᠤᠶ᠎ᠠ ᠰᠤᠩᠭᠤᠳᠠᠭ ᠵᠤᠬᠢᠶᠠᠯ ᠪᠦᠲᠦᠭᠡᠯ ᠢ ᠢᠯᠡᠭᠦᠬᠡᠨ ᠤᠩᠰᠢᠵᠤ᠂ ᠪᠠᠰᠠ ᠦᠪᠡᠷ ᠢᠶᠠᠨ ᠪᠢᠷ ᠬᠦᠳᠡᠯᠭᠡᠨ ᠪᠢᠴᠢᠵᠦ ᠵᠤᠬᠢᠶᠠᠳᠠᠭ ᠲᠤ ᠬᠦᠷᠪᠡᠯ ᠪᠤᠰᠤᠳ ᠤᠨ ᠵᠤᠬᠢᠶᠠᠯ ᠢ ᠤᠷᠴᠢᠭᠤᠯᠬᠤ ᠳᠤ ᠨᠡᠩ ᠠᠰᠢᠭᠲᠠᠢ ᠪᠤᠯᠬᠤ ᠶᠤᠮ ᠃ ︽ᠪᠢᠴᠢᠭ ᠨᠤᠮ ᠢ ᠵᠠᠭᠤᠨᠲᠠ ᠤᠩᠰᠢᠪᠠᠰᠤ ᠪᠢᠷ ᠤᠨ ᠦᠵᠦᠭᠦᠷ ᠲᠤ ᠠᠶᠠᠨᠳᠠᠭᠠᠨ ᠰᠢᠳᠢ ᠤᠷᠤᠰᠢᠮᠤᠢ︾ ᠭᠡᠳᠡᠭᠴᠢᠯᠡᠨ ᠪᠢᠳᠡ ᠪᠢᠷ ᠢᠶᠠᠨ ᠬᠤᠷᠴᠠᠯᠠᠶ᠎ᠠ ᠭᠡᠪᠡᠯ ᠪᠢᠯᠢᠭ ᠤᠬᠠᠭᠠᠨ ᠢ ᠭᠡᠭᠡᠷᠡᠭᠦᠯᠦᠭᠴᠢ ᠰᠤᠳᠤᠷ ᠨᠤᠮ ᠠᠴᠠ ᠰᠢᠮ᠎ᠡ ᠠᠪᠴᠤ᠂ ᠠᠷᠠᠳ ᠤᠨ ᠠᠮᠢᠳᠤ ᠶᠠᠷᠢᠶ᠎ᠠ᠂ ᠵᠦᠢᠷ ᠰᠡᠴᠡᠨ ᠦᠭᠡᠰ ᠠᠴᠠ ᠲᠡᠵᠢᠭᠡᠯ ᠬᠦᠷᠲᠡᠵᠦ ᠪᠠᠶᠢᠬᠤ ᠬᠡᠷᠡᠭᠲᠡᠢ᠃ ᠠᠷᠠᠳ ᠤᠨ ᠠᠮᠠᠨ ᠵᠤᠬᠢᠶᠠᠯ ᠤᠨ ᠠᠮᠢᠳᠤ ᠳᠦᠷᠰᠦᠯᠢᠭ ᠬᠡᠯᠡ ᠬᠡᠯᠡᠯᠭᠡ ᠶᠢ ᠠᠮᠢᠳᠤᠯᠢᠭ ᠢᠶᠠᠷ ᠰᠤᠷᠴᠤ ᠬᠡᠷᠡᠭᠯᠡᠬᠦ ᠶᠠᠪᠤᠳᠠᠯ ᠪᠤᠯ ᠤᠷᠴᠢᠭᠤᠯᠤᠭᠴᠢ ᠶᠢᠨ ᠬᠡᠯᠡᠨ ᠤ ᠪᠤᠯᠪᠠᠰᠤᠷᠠᠯ ᠢᠶᠠᠨ ᠳᠡᠭᠡᠭᠰᠢᠯᠡᠭᠦᠯᠬᠦ ᠶᠢᠨ ᠲᠦᠯᠬᠢᠭᠦᠷ ᠮᠦᠨ᠃ ᠡᠨᠡ ᠬᠦ ᠬᠡᠯᠡᠨ ᠤ ᠪᠤᠯᠪᠠᠰᠤᠷᠠᠯ ᠨᠢ ᠤᠷᠠᠨ ᠦᠭᠡᠰ ᠢᠶᠠᠷ ᠴᠤᠭᠴᠠᠯᠠᠭᠳᠠᠭᠰᠠᠨ ᠤᠷᠠᠨ ᠵᠤᠬᠢᠶᠠᠯ ᠠᠴᠠ ᠯᠠ ᠢᠷᠡᠳᠡᠭ ᠵᠢᠮ᠎ᠡ ᠲᠠᠢ ᠪᠢᠯᠡ᠃ ᠤᠴᠢᠷ ᠨᠢ᠂ ᠤᠷᠠᠨ ᠵᠤᠬᠢᠶᠠᠯ ᠪᠤᠯ ᠬᠡᠯᠡᠨ ᠤ ᠤᠷᠠᠯᠢᠭ ᠶᠤᠮ᠃ ᠬᠡᠯᠡ ᠪᠠᠨ ᠰᠠᠶᠢᠵᠢᠷᠠᠭᠤᠯᠤᠶ᠎ᠠ ᠭᠡᠪᠡᠯ ᠬᠡᠯᠡᠨ ᠤ ᠤᠷᠠᠯᠢᠭ ᠪᠤᠯᠬᠤ ᠤᠷᠠᠨ ᠵᠤᠬᠢᠶᠠᠯ ᠠᠴᠠ ᠯᠠ ᠰᠤᠷᠤᠯᠴᠠᠬᠤ ᠬᠡᠷᠡᠭᠲᠡᠢ᠃                  ︽ᠮᠤᠩᠭᠤᠯ ᠬᠡᠯᠡ ᠪᠢᠴᠢᠭ︾ ᠰᠡᠳᠬᠦᠯ ᠤᠨ 2018 ᠤᠨ ᠤ 1 ᠳ᠋ᠦ᠋ᠭᠡᠷ ᠬᠤᠭᠤᠴᠠᠭᠠᠨ ᠤ ᠤᠷᠴᠢᠭᠤᠯᠭ᠎ᠠ ᠰᠤᠳᠤᠯᠤᠯ ᠪᠤᠯᠤᠩ ᠠᠴᠠ
 
ᠢᠷᠡᠯᠲᠡ᠄ ︽ᠮᠤᠩᠭᠤᠯ ᠬᠡᠯᠡ ᠪᠢᠴᠢᠭ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号