| ︽ᠨᠤᠮ ᠤᠨ ᠤᠳᠬ᠎ᠠ ᠨᠢ ᠲᠡᠭᠷᠢ ᠮᠡᠲᠦ ᠠᠭᠤᠤ᠂ ᠳᠡᠯᠡᠬᠡᠢ ᠮᠡᠲᠦ ᠦᠷᠭᠡᠨ᠂ ᠳᠠᠯᠠᠢ ᠮᠡᠲᠦ ᠭᠦᠨ᠃ ᠨᠤᠮ | ᠤᠩᠰᠢᠬᠤ ᠨᠢ ᠲᠡᠭᠷᠢ ᠳᠤ ᠨᠢᠰᠴᠦ᠂ ᠳᠡᠯᠡᠬᠡᠢ ᠶᠢ ᠲᠤᠭᠤᠷᠢᠵᠤ᠂ ᠳᠠᠯᠠᠢ ᠳᠤ ᠱᠤᠩᠪᠠᠭ᠋ᠤ ᠮᠡᠲᠦ ᠁︾ ᠭᠡᠵᠦ ᠲᠡᠷᠲᠡᠭᠡ | ᠵᠠᠭᠤᠨ ᠤ ᠴᠢᠨᠡᠲᠦ ᠶᠡᠭᠡ ᠵᠤᠬᠢᠶᠠᠯᠴᠢ ᠴ᠊᠂ ᠳᠠᠮᠳᠢᠨᠰᠦ᠋ᠷᠦᠩ ᠰᠡᠴᠡᠯᠡᠭᠰᠡᠨ ᠪᠢᠯᠡ᠃ ᠪᠢᠳᠡ ᠶᠠᠭᠤᠨ ᠳᠤ ᠨᠤᠮ ᠤᠩᠰᠢᠬᠤ | ᠴᠢᠬᠤᠯᠠᠲᠠᠢ ᠪᠤᠢ︖ ᠡᠨᠡ ᠲᠤᠬᠠᠢ ᠡᠷᠲᠡᠨ ᠡᠳᠦᠭᠡ ᠲᠤᠲᠤᠭᠠᠳᠤ ᠭᠠᠳᠠᠭᠠᠳᠤ ᠶᠢᠨ ᠡᠷᠲᠡᠮᠳᠡᠨ ᠮᠡᠷᠭᠡᠳ ᠤᠨ ᠦᠨᠡᠯᠡᠵᠦ | ᠰᠡᠴᠡᠷᠬᠡᠭᠰᠡᠨ ᠦᠭᠦᠯᠡᠯ ᠶᠠᠷᠢᠶ᠎ᠠ ᠶᠢ ᠰᠡᠶᠢᠷᠡᠭᠦᠯᠦᠨ ᠲᠤᠭᠠᠴᠢᠬᠤ ᠶᠤᠮ ᠪᠤᠯ ᠦᠰᠦᠨ ᠠᠴᠠ ᠤᠯᠠᠨ ᠭᠡᠳᠡᠭ ᠲᠤ ᠮᠠᠷᠭᠤᠰᠢ | ᠦᠭᠡᠢ᠃ ᠲᠡᠳᠡ ᠨᠤᠮ ᠪᠢᠴᠢᠭ ᠪᠤᠯ ᠬᠦᠮᠦᠨ ᠲᠦᠷᠦᠯᠬᠢᠲᠡᠨ ᠤ ᠰᠤᠶᠤᠯ ᠤᠨ ᠤᠯᠠᠮᠵᠢᠯᠠᠯ ᠪᠠ ᠮᠡᠳᠡᠯᠭᠡ ᠡᠵᠡᠮᠰᠢᠬᠦ ᠠᠷᠭ᠎ᠠ | ᠬᠡᠷᠡᠭᠯᠡᠭᠦᠷ ᠪᠤᠯᠬᠤ ᠪᠦᠭᠡᠳ ᠤᠶᠤᠨ ᠰᠠᠨᠠᠭ᠎ᠠ ᠪᠠᠨ ᠭᠡᠶᠢᠭᠦᠯᠵᠦ᠂ ᠪᠤᠳᠤᠯ ᠰᠡᠳᠬᠢᠯ ᠢᠶᠠᠨ ᠠᠷᠢᠭᠤᠯᠠᠬᠤ ᠷᠠᠰᠢᠶᠠᠨ ᠭᠡᠵᠦ | ᠲᠠᠨᠢᠭᠰᠠᠨ ᠤᠴᠢᠷ ᠤᠯᠠᠨ ᠲᠠᠬᠢᠨ ᠰᠠᠨᠠᠭᠤᠯᠵᠤ ᠰᠤᠷᠭᠠᠮᠵᠢᠯᠠᠵᠤ ᠢᠷᠡᠭᠰᠡᠨ ᠤᠴᠢᠷᠲᠠᠢ ᠪᠢᠯᠡ᠃ | ᠵᠠᠭᠤᠴᠢᠯᠠᠭᠤᠷ ᠲᠤ ᠮᠡᠳᠡᠭᠡᠯᠡᠭᠰᠡᠨ ᠢᠶᠠᠷ᠂ ᠮᠠᠨ ᠤ ᠤᠯᠤᠰ ᠤᠨ ᠵᠢᠯ ᠤᠨ ᠬᠡᠪᠯᠡᠭᠦᠯᠵᠦ ᠪᠠᠶᠢᠭ᠎ᠠ ᠨᠤᠮ ᠪᠢᠴᠢᠭ ᠤᠨ | ᠬᠡᠮᠵᠢᠶ᠎ᠡ ᠳᠡᠯᠡᠬᠡᠢ ᠶᠢᠨ ᠲᠡᠷᠢᠭᠦᠨ ᠳᠤ ᠵᠢᠭᠰᠠᠭᠠᠭᠳᠠᠳᠠᠭ᠃ ᠭᠡᠪᠡᠴᠦ ᠪᠢᠳᠡ ᠨᠤᠮ ᠬᠡᠪᠯᠡᠭᠦᠯᠦᠭᠰᠡᠨ ᠲᠤᠭ᠎ᠠ ᠪᠠᠷ | ᠨᠢᠭᠡᠳᠦᠭᠡᠷ ᠲᠤ ᠵᠢᠭᠰᠠᠭᠠᠭᠳᠠᠭᠰᠠᠨ ᠠᠴᠠ ᠪᠢᠰᠢ᠂ ᠨᠤᠮ ᠤᠩᠰᠢᠭᠰᠠᠨ ᠬᠡᠮᠵᠢᠶ᠎ᠡ ᠪᠠᠷ ᠮᠦᠨᠬᠦ ᠨᠡᠯᠢᠶᠡᠳ ︽ᠬᠤᠴᠤᠷᠤᠩᠭᠤᠢ︾ | ᠪᠠᠶᠢᠭᠰᠠᠭᠠᠷ ᠭᠡᠳᠡᠭ ᠢ ᠰᠡᠳᠬᠢᠭᠦᠰᠢᠲᠡᠢ᠃ ᠳᠤᠮᠳᠠᠳᠤ ᠤᠯᠤᠰ ᠤᠨ ᠰᠤᠨᠢᠨ ᠮᠡᠳᠡᠭᠡ ᠬᠡᠪᠯᠡᠯ ᠤᠨ ᠰᠤᠳᠤᠯᠭᠠᠨ ᠤ | ᠬᠦᠷᠢᠶᠡᠯᠡᠩ ᠤᠨ ᠲᠤᠭ᠎ᠠ ᠪᠦᠷᠢᠳᠬᠡᠯ ᠳᠤ ᠬᠠᠷᠠᠭᠤᠯᠤᠭᠰᠠᠨ ᠢᠶᠠᠷ᠂ 2017 ᠤᠨ ᠳᠤ ᠮᠠᠨ ᠤ ᠤᠯᠤᠰ ᠤᠨ ᠨᠠᠰᠤᠨ ᠳᠤ | ᠬᠦᠷᠦᠭᠰᠡᠨ ᠠᠷᠠᠳ ᠢᠷᠭᠡᠳ ᠤᠨ ᠬᠦᠮᠦᠨ ᠳᠤᠮᠳᠠᠴᠢ ᠶᠢᠨ ᠴᠠᠭᠠᠰᠤᠨ ᠨᠤᠮ ᠪᠢᠴᠢᠭ ᠤᠨ ᠤᠩᠰᠢᠯᠭ᠎ᠠ 4.66 ᠳᠠᠪᠲᠡᠷ | ᠪᠠᠶᠢᠵᠤ᠂ 2016 ᠤᠨ ᠤ 4.65 ᠳᠡᠪᠲᠡᠷ ᠪᠠᠶᠢᠭᠰᠠᠨ ᠠᠴᠠ ᠪᠠᠨ ᠪᠠᠭ᠎ᠠ ᠳᠡᠭᠡᠭᠰᠢᠯᠡᠵᠦ᠂ ᠬᠦᠮᠦᠨ ᠳᠤᠮᠳᠠᠴᠢ ᠶᠢᠨ | ᠡᠯᠧᠺᠲᠷᠤᠨ ᠨᠤᠮ ᠤᠩᠰᠢᠯᠭ᠎ᠠ ᠨᠢ 3.12 ᠳᠡᠪᠲᠡᠷ ᠪᠠᠶᠢᠵᠤ᠂ 2016 ᠤᠨ ᠤ ᠬᠢ ᠠᠴᠠ ᠪᠠᠰᠠ ᠳᠤᠷᠤᠭᠰᠢᠯᠠᠭᠰᠠᠨ | ᠪᠠᠶᠢᠨ᠎ᠠ᠃ ᠡᠳᠡᠭᠡᠷ ᠪᠦᠬᠦᠨ ᠨᠢ ᠪᠦᠬᠦ ᠠᠷᠠᠳ ᠤᠨ ᠨᠤᠮ ᠤᠩᠰᠢᠯᠭ᠎ᠠ ᠶᠢ ᠤᠷᠢᠶᠠᠯᠠᠵᠤ᠂ ᠳᠡᠯᠡᠬᠡᠢ ᠶᠢᠨ ᠨᠤᠮ ᠤᠩᠰᠢᠬᠤ | ᠡᠳᠦᠷ ᠢ ᠳᠤᠷᠠᠰᠬᠠᠨ ᠪᠡᠯᠭᠡᠯᠡᠬᠦ ᠶᠢᠨ ᠤᠳᠬ᠎ᠠ ᠤᠴᠢᠷ ᠢ ᠲᠤᠰᠬᠠᠵᠤ ᠬᠠᠷᠠᠭᠤᠯᠬᠤ ᠠᠵᠠᠢ᠃ ︽ᠡᠳ᠋ ᠢᠶᠠᠷ ᠪᠡᠶ᠎ᠡ ᠪᠠᠨ | ᠴᠢᠮᠡᠬᠦ ᠪᠠᠷ ᠡᠷᠳᠡᠮ ᠢᠶᠠᠷ ᠪᠡᠶ᠎ᠡ ᠪᠠᠨ ᠴᠢᠮ᠎ᠡ︾ ᠭᠡᠵᠦ ᠮᠤᠩᠭᠤᠯ ᠠᠷᠠᠳ ᠤᠨ ᠦᠭᠡᠨ ᠳᠤ ᠶᠠᠷᠢᠳᠠᠭ᠃ ᠦᠨᠦᠳᠦᠷ ᠰᠢᠨᠵᠢᠯᠡᠬᠦ | ᠤᠬᠠᠭᠠᠨ ᠮᠡᠷᠭᠡᠵᠢᠯ ᠤᠨ ᠬᠦᠭᠵᠢᠯᠲᠡ ᠶᠢ ᠳᠠᠭᠠᠯᠳᠤᠨ ᠢᠯᠠᠩᠭᠤᠶ᠎ᠠ ᠢᠨᠲ᠋ᠧᠷ ᠰᠦᠯᠵᠢᠶ᠎ᠡ ᠶᠢᠨ ᠲᠦᠭᠡᠮᠡᠯᠵᠢᠯᠲᠡ ᠪᠤᠯᠤᠨ | ᠰᠢᠨ᠎ᠡ ᠵᠠᠭᠤᠴᠢᠯᠠᠭᠤᠷ ᠤᠨ ᠳᠦᠷᠢᠯᠲᠡ ᠠᠴᠠ ᠪᠤᠯᠵᠤ᠂ ᠬᠦᠮᠦᠰ ᠤᠨ ᠨᠤᠮ ᠤᠩᠰᠢᠬᠤ ᠠᠷᠭ᠎ᠠ ᠬᠡᠯᠪᠡᠷᠢ ᠳᠤ ᠮᠠᠰᠢ ᠶᠡᠭᠡ | ᠬᠤᠪᠢᠷᠠᠯᠲᠠ ᠭᠠᠷᠴᠤ᠂ ᠡᠯᠧᠺᠲᠷᠤᠨ ᠤᠩᠰᠢᠯᠭ᠎ᠠ ᠨᠢ ᠤᠯᠠᠮ ᠢᠶᠠᠷ ᠭᠠᠵᠠᠷ ᠠᠪᠬᠤ ᠪᠤᠯᠵᠠᠢ᠃ ᠬᠡᠯᠪᠡᠷᠢ ᠳᠦᠭᠦᠮ | ᠮᠦᠷᠲᠡᠭᠡᠨ ᠴᠠᠭ ᠤᠷᠤᠨ ᠵᠠᠢ ᠳᠤ ᠬᠢᠵᠠᠭᠠᠷᠯᠠᠭᠳᠠᠬᠤ ᠦᠭᠡᠢ ᠪᠠᠷ ᠬᠡᠷᠡᠭᠴᠡᠭᠡ ᠲᠠᠢ ᠵᠦᠢᠯ ᠢᠶᠠᠨ ᠰᠢᠯᠢᠵᠦ ᠰᠤᠩᠭᠤᠨ | ᠰᠢᠷᠬᠡᠭᠴᠢᠯᠡᠨ ᠤᠩᠰᠢᠬᠤ ᠪᠤᠯ ᠡᠯᠧᠺᠲᠷᠤᠨ ᠤᠩᠰᠢᠯᠭ᠎ᠠ ᠶᠢᠨ ᠳᠤᠪᠤᠶᠢᠭᠰᠠᠨ ᠤᠨᠴᠠᠯᠢᠭ ᠪᠤᠯᠬᠤ ᠪᠦᠭᠡᠳ ᠤᠯᠠᠮᠵᠢᠯᠠᠯᠲᠤ | ᠤᠩᠰᠢᠯᠭ᠎ᠠ ᠲᠠᠢ ᠬᠠᠷᠢᠴᠠᠭᠤᠯᠪᠠᠯ ᠲᠡᠷᠡ ᠨᠢ ᠠᠷᠭ᠎ᠠ ᠶᠠᠳᠠᠵᠤ ᠴᠠᠭ ᠨᠦᠭᠴᠢᠭᠡᠬᠦ ᠪᠠ ᠬᠡᠷᠡᠭᠴᠡᠭᠡ ᠲᠠᠢ ᠵᠦᠢᠯ ᠢᠶᠠᠨ ᠬᠠᠶᠢᠵᠤ | ᠰᠢᠷᠪᠢᠬᠦ ᠦᠩᠭᠡ ᠪᠤᠳᠤᠭ ᠢᠶᠠᠷ ᠦᠳᠬᠡᠨ ᠪᠠᠶᠢᠳᠠᠭ᠃ ᠢᠩᠭᠢᠬᠦ ᠳᠡᠭᠡᠨ ︽ᠪᠢᠴᠢᠭ ᠤᠨ ᠰᠤᠷᠪᠤᠯᠵᠢᠲᠤ ᠨᠡᠶᠢᠭᠡᠮ︾ ᠢ | ᠪᠠᠶᠢᠭᠤᠯᠬᠤ ᠳᠤ ᠪᠢᠳᠡᠨ ᠳᠤ ᠵᠢᠷᠤᠭ ︽ᠤᠩᠰᠢᠬᠤ︾ ᠪᠤᠶᠤ ᠵᠠᠭᠤ ᠭᠠᠷᠤᠢ ᠦᠰᠦᠭ ᠤᠨ ᠪᠢᠴᠢᠯ ᠵᠤᠬᠢᠶᠠᠯ ᠢ ᠰᠤᠨᠢᠷᠬᠠᠬᠤ | ᠰᠢᠷᠬᠡᠭᠴᠢᠯᠡᠭᠰᠡᠨ ᠤᠩᠰᠢᠯᠭ᠎ᠠ ᠶᠢ ᠬᠠᠯᠢᠨ ᠳᠠᠪᠠᠵᠤ᠂ ᠦᠨᠡᠨᠬᠦ ᠨᠤᠮ ᠤᠩᠰᠢᠬᠤ ᠳᠠᠳᠬᠠᠯ ᠢ ᠬᠦᠮᠦᠵᠢᠭᠦᠯᠬᠦ ᠪᠤᠯ ᠮᠠᠰᠢ | ᠴᠢᠬᠤᠯᠠ ᠪᠢᠯᠡ᠃ | ᠰᠠᠶᠢᠨ ᠨᠤᠮ᠂ ᠰᠠᠶᠢᠬᠠᠨ ᠰᠡᠳᠬᠢᠯ ᠬᠤᠶᠠᠷ ᠲᠤ ᠶᠢᠷᠲᠢᠨᠴᠦ ᠶᠢᠨ ᠳ᠋ᠧᠪᠠᠵᠠᠨ ᠠᠮᠢᠯᠠᠳᠠᠭ ᠭᠡᠳᠡᠭ᠃ ᠰᠠᠶᠢᠨ ᠨᠤᠮ | ᠰᠢᠯᠢᠳᠡᠭ ᠲᠤᠭᠤᠷᠪᠢᠯ ᠨᠢ ᠬᠦᠮᠦᠰ ᠤᠨ ᠬᠡᠶᠢᠰᠪᠦᠷᠢ ᠰᠡᠳᠬᠢᠬᠦᠢ ᠶᠢᠨ ᠴᠢᠳᠠᠪᠤᠷᠢ᠂ ᠭᠤᠸ᠎ᠠ ᠲᠠᠭᠠᠰᠢᠶᠠᠯ ᠤᠨ ᠴᠢᠳᠠᠪᠤᠷᠢ ᠶᠢ | ᠳᠡᠭᠡᠭᠰᠢᠯᠡᠭᠦᠯᠬᠦ ᠶᠢᠨ ᠬᠠᠮᠲᠤ ᠡᠭᠦᠳᠦᠨ ᠪᠦᠲᠦᠭᠡᠬᠦ ᠤᠷᠮᠠᠰ ᠢ ᠬᠦᠭᠵᠢᠭᠡᠵᠦ᠂ ᠬᠠᠷᠢᠭᠤᠴᠠᠯᠭᠠᠲᠤ ᠤᠬᠠᠮᠰᠠᠷ ᠢ ᠪᠤᠢ | ᠪᠤᠯᠭᠠᠳᠠᠭ᠃ ᠠᠩᠭ᠍ᠯᠢ ᠶᠢᠨ ᠭᠦᠨ ᠤᠬᠠᠭᠠᠨᠲᠠᠨ ᠪ᠊᠂ ᠪᠧᠺᠦᠨ ︽ᠨᠤᠮ ᠪᠤᠯ ᠴᠠᠭ ᠡᠷᠡᠨ ᠭᠡᠭᠴᠢ ᠳᠠᠪᠠᠯᠭᠠᠨ ᠢ ᠳᠠᠮᠵᠢᠨ᠂ | ᠦᠶ᠎ᠡ ᠠᠴᠠ ᠦᠶ᠎ᠡ ᠳᠤ ᠤᠯᠠᠮᠵᠢᠯᠠᠨ ᠬᠦᠷᠭᠡᠬᠦ ᠡᠷᠳᠡᠨᠢ ᠶᠢᠨ ᠠᠴᠢᠶ᠎ᠠ ᠲᠡᠭᠡᠭᠡᠭᠰᠡᠨ ᠤᠶᠤᠨ ᠤᠬᠠᠭᠠᠨ ᠤ ᠬᠦᠯᠭᠡ | ᠤᠩᠭᠤᠴᠠ ᠮᠦᠨ︾ ᠭᠡᠮᠡᠨ ᠬᠡᠯᠡᠭᠰᠡᠨ ᠪᠠᠶᠢᠳᠠᠭ᠃ ᠡᠪᠦᠭᠡ ᠲᠡᠭᠡᠳᠦᠰ ᠮᠢᠨᠢ ᠦᠪᠡᠷᠰᠡᠳ ᠤᠨ ᠠᠯᠵᠢᠶᠠᠯ ᠢᠶᠠᠷ | ᠪᠦᠲᠦᠭᠡᠭᠰᠡᠨ ᠨᠤᠮ ᠰᠤᠳᠤᠷ ᠪᠦᠬᠦᠨ ᠳᠡᠭᠡᠨ ᠦᠯᠡᠮᠵᠢ ᠶᠢᠨ ᠶᠡᠭᠡ ︽ᠡᠷᠳᠡᠨᠢ ᠶᠢᠨ ᠠᠴᠢᠶ᠎ᠠ︾ ᠲᠡᠭᠡᠭᠡᠵᠦ᠂ ᠪᠢᠳᠡᠨ ᠤ | ᠦᠶ᠎ᠡ ᠳᠤ ᠡᠷᠡᠨ ᠵᠠᠭᠤᠨ ᠢ ᠳᠠᠪᠠᠭᠤᠯᠤᠨ ᠢᠯᠡᠭᠡᠬᠦ ᠳᠡᠭᠡᠨ ᠡᠷᠳᠡᠮ ᠨᠤᠮ ᠤᠨ ᠢᠶᠠᠨ ᠦᠭᠡ ᠦᠰᠦᠭ᠂ ᠠᠴᠤᠭ ᠰᠢᠯᠪᠢ | ᠪᠦᠬᠦᠨ ᠳᠤ ᠬᠦᠰᠡᠯ ᠪᠤᠳᠤᠯ᠂ ᠬᠦᠴᠦ ᠤᠶᠤᠨ ᠢᠶᠠᠨ ᠨᠡᠪᠴᠢᠭᠡᠨ ᠰᠢᠩᠭᠡᠭᠡᠵᠦ᠂ ᠬᠤᠶᠢᠴᠢ ᠦᠶ᠎ᠡ ᠲᠠᠢ ᠪᠠᠨ ᠬᠦᠦᠷᠨᠢᠨ | ᠶᠠᠷᠢᠯᠴᠠᠬᠤ ᠶᠢ ᠵᠤᠷᠢᠭᠰᠠᠨ ᠭᠡᠯᠲᠡᠢ᠃ ᠡᠶᠢᠨᠬᠦ ᠨᠤᠮ ᠤᠩᠰᠢᠬᠤ ᠳᠠᠳᠬᠠᠯ ᠲᠠᠢ ᠪᠤᠯᠪᠠᠯ ᠰᠠᠶ᠋ᠢ ᠡᠪᠦᠭᠡ ᠳᠡᠭᠡᠳᠦᠰ ᠤᠨ ᠮᠢᠨᠢ | ᠢᠯᠡᠭᠡᠭᠰᠡᠨ ᠡᠷᠳᠡᠮ ᠨᠤᠮ ᠤᠨ ᠬᠦᠴᠦ ᠤᠶᠤᠨ ᠢ ᠦᠪᠡᠷᠲᠡᠭᠡᠨ ᠰᠢᠩᠭᠡᠭᠡᠵᠦ᠂ ᠦᠪᠡᠷ ᠢ ᠪᠠᠨ ᠴᠡᠨᠡᠭᠯᠡᠵᠦ ᠴᠢᠳᠠᠨ᠎ᠠ ᠭᠡᠰᠡᠨ | ᠦᠭᠡ᠃ ᠨᠤᠮ ᠤᠩᠰᠢᠬᠤ ᠪᠠᠷ ᠳᠡᠷᠢᠬᠢ ᠰᠡᠷᠭᠦᠨ᠂ ᠨᠠᠷᠠ ᠭᠠᠷᠬᠤ ᠪᠠᠷ ᠪᠠᠶᠢᠭᠠᠯᠢ ᠰᠡᠷᠭᠦᠨ᠎ᠡ᠃ ᠪᠢᠳᠡ ᠢᠯᠡᠭᠦᠬᠡᠨ ᠨᠤᠮ | ᠤᠩᠰᠢᠵᠤ᠂ ᠨᠤᠮ ᠤᠩᠰᠢᠬᠤ ᠳᠠᠳᠬᠠᠯ ᠲᠠᠢ ᠪᠤᠯᠵᠤ᠂ ᠪᠢᠷ ᠪᠡᠬᠡᠰ ᠤᠨ ᠦᠨᠦᠷ ᠬᠠᠩᠬᠤᠯᠤᠭᠰᠠᠨ ᠡᠷᠳᠡᠮ ᠨᠤᠮ ᠤᠨ | ᠬᠦᠴᠦ ᠪᠠᠷ ᠤᠶᠤᠨ ᠤᠬᠠᠭᠠᠨ ᠢᠶᠠᠨ ᠴᠡᠨᠡᠭᠯᠡᠵᠦ᠂ ᠤᠷᠤᠭᠰᠢᠯᠠᠨ ᠳᠠᠪᠰᠢᠬᠤ ᠨᠢ ᠵᠦᠢᠲᠡᠢ ᠪᠤᠶᠤ︕ | | | | | | | | | | | | | | | | | | | |