2017 ᠤᠨ ᠳᠤ ᠮᠠᠨ ᠤ ᠤᠯᠤᠰ ᠤᠨ ᠬᠦᠮᠦᠨ ᠳᠤᠮᠳᠠᠴᠢ ᠶᠢᠨ ᠲᠡᠪᠲᠡᠷᠯᠡᠭᠰᠡᠨ ᠨᠤᠮ ᠪᠢᠴᠢᠭ ᠤᠩᠰᠢᠭᠰᠠᠨ ᠬᠡᠮᠵᠢᠶ᠎ᠡ 4.66 ᠲᠡᠪᠳᠡᠷ ᠬᠦᠷᠪᠡ
ᠨᠡᠶᠢᠲᠡᠯᠡᠭᠰᠡᠨ ᠴᠠᠭ᠄
2018-04-28
       ᠤᠷᠴᠢᠮᠬᠠᠨ᠂ ᠳᠤᠮᠳᠠᠳᠤ ᠤᠯᠤᠰ ᠤᠨ ᠰᠤᠨᠢᠨ ᠮᠡᠳᠡᠭᠡ ᠬᠡᠪᠯᠡᠯ ᠤᠨ ᠰᠤᠳᠤᠯᠭᠠᠨ ᠤ ᠬᠦᠷᠢᠶᠡᠯᠡᠩ ᠠᠩᠬ᠎ᠠ ᠤᠳᠠᠭ᠎ᠠ ᠮᠠᠨ ᠤ ᠤᠯᠤᠰ ᠤᠨ ᠤᠩᠰᠢᠯᠭ᠎ᠠ ᠶᠢᠨ ᠢᠯᠡᠳᠬᠡᠭᠴᠢ ᠲᠤᠭ᠎ᠠ ᠶᠢ ᠨᠡᠶᠢᠲᠡᠯᠡᠵᠦ᠂ 2017 ᠤᠨ ᠤ ᠮᠠᠨ ᠤ ᠤᠯᠤᠰ ᠤᠨ ᠠᠷᠠᠳ ᠢᠷᠭᠡᠳ ᠤᠨ ᠬᠦᠮᠦᠨ ᠳᠤᠮᠳᠠᠴᠢ ᠶᠢᠨ ᠴᠠᠭᠠᠰᠤᠨ ᠨᠤᠮ ᠪᠢᠴᠢᠭ ᠤᠩᠰᠢᠭᠰᠠᠨ ᠬᠡᠮᠵᠢᠶ᠎ᠡ 4.66 ᠳᠡᠪᠲᠡᠷ ᠪᠠᠶᠢᠵᠤ᠂ ᠳᠤᠮᠳᠠᠴᠢ ᠪᠠᠷ ᠡᠳᠦᠷ ᠪᠦᠷᠢ 20.38 ᠮᠢᠨᠦ᠋ᠲ ᠨᠤᠮ ᠤᠩᠰᠢᠵᠠᠢ ᠭᠡᠵᠦ ᠨᠡᠶᠢᠲᠡᠯᠡᠪᠡ᠃        ᠰᠤᠨᠢᠨ ᠮᠡᠳᠡᠭᠡ ᠬᠡᠪᠯᠡᠯ ᠤᠨ ᠰᠤᠳᠤᠯᠭᠠᠨ ᠤ ᠬᠦᠷᠢᠶᠡᠯᠡᠩ ᠤᠨ 18 ᠤ ᠡᠳᠦᠷ ᠤᠨ ᠨᠡᠶᠢᠲᠡᠯᠡᠭᠰᠡᠨ ᠠᠷᠪᠠᠨ ᠲᠠᠪᠤᠳᠤᠭᠠᠷ ᠤᠳᠠᠭᠠᠨ ᠤ ᠪᠦᠬᠦ ᠤᠯᠤᠰ ᠤᠨ ᠠᠷᠠᠳ ᠢᠷᠭᠡᠳ ᠤᠨ ᠤᠩᠰᠢᠯᠭ᠎ᠠ ᠶᠢᠨ ᠪᠠᠶᠢᠴᠠᠭᠠᠯᠲᠠ ᠶᠢᠨ ᠲᠤᠭ᠎ᠠ ᠪᠠᠷᠢᠮᠲᠠ ᠬᠠᠷᠠᠭᠤᠯᠤᠭᠰᠠᠨ ᠨᠢ᠂ 2017 ᠤᠨ ᠳᠤ ᠮᠠᠨ ᠤ ᠤᠯᠤᠰ ᠤᠨ ᠪᠦᠬᠦ ᠵᠢᠯ ᠤᠨ ᠠᠷᠠᠳ ᠢᠷᠭᠡᠨ ᠤ ᠡᠯ᠎ᠡ ᠵᠠᠭᠤᠴᠢᠯᠠᠭᠤᠷ ᠢ ᠠᠰᠢᠭᠯᠠᠭᠰᠠᠨ ᠶᠡᠷᠦᠩᠬᠡᠢ ᠤᠩᠰᠢᠯᠭ᠎ᠠ ᠶᠢᠨ ᠨᠤᠷᠮ᠎ᠠ ᠨᠡᠮᠡᠭᠳᠡᠬᠦ ᠬᠠᠨᠳᠤᠰᠢ ᠶᠢ ᠪᠠᠲᠤᠯᠠᠵᠤ 80.3% ᠬᠦᠷᠪᠡ᠃ ᠲᠤᠭᠠᠴᠢᠯᠠᠭᠰᠠᠨ ᠤᠩᠰᠢᠯᠭ᠎ᠠ ᠶᠢᠨ ᠠᠷᠭ᠎ᠠ ᠬᠡᠯᠪᠡᠷᠢ ᠲᠠᠢ ᠤᠶᠢᠷᠠᠲᠤᠭᠰᠠᠨ ᠨᠤᠷᠮ᠎ᠠ ᠪᠤᠯᠤᠨ ᠴᠠᠭᠠᠰᠤᠨ ᠨᠤᠮ ᠤᠨ ᠤᠩᠰᠢᠯᠭ᠎ᠠ ᠶᠢᠨ ᠨᠤᠷᠮ᠎ᠠ ᠪᠦᠷ ᠵᠤᠬᠢᠬᠤ ᠬᠡᠮᠵᠢᠶ᠎ᠡ ᠪᠠᠷ ᠨᠡᠮᠡᠭᠳᠡᠵᠦ 73% ᠬᠦᠷᠪᠡ᠃        ᠬᠦᠮᠦᠰ ᠤᠨ ᠠᠳᠠᠯᠢ ᠪᠤᠰᠤ ᠵᠠᠭᠤᠴᠢᠯᠠᠭᠤᠷ ᠲᠠᠢ ᠤᠶᠢᠷᠠᠲᠤᠭᠰᠠᠨ ᠴᠠᠭ ᠠᠴᠠ ᠠᠪᠴᠤ ᠦᠵᠡᠪᠡᠯ᠂ ᠪᠦᠬᠦ ᠵᠢᠯ ᠤᠨ ᠠᠷᠠᠳ ᠢᠷᠭᠡᠨ ᠤ ᠬᠦᠮᠦᠨ ᠳᠤᠮᠳᠠᠴᠢ ᠶᠢᠨ ᠡᠳᠦᠷ ᠪᠦᠷᠢ ᠭᠠᠷ ᠤᠲᠠᠰᠤ ᠲᠠᠢ ᠤᠶᠢᠷᠠᠲᠤᠭᠰᠠᠨ ᠴᠠᠭ ᠬᠠᠮᠤᠭ ᠤᠷᠲᠤ ᠳᠠᠭᠠᠨ 80.43 ᠮᠢᠨᠦ᠋ᠲ ᠪᠠᠶᠢᠵᠤ᠂ ᠢᠨᠲ᠋ᠧᠷ ᠰᠦᠯᠵᠢᠶ᠎ᠡ ᠲᠠᠢ ᠤᠶᠢᠷᠠᠲᠤᠭᠰᠠᠨ ᠴᠠᠭ ᠬᠠᠮᠤᠭ ᠤᠷᠲᠤ ᠳᠠᠭᠠᠨ 60.70 ᠮᠢᠨᠦ᠋ᠲ ᠪᠠᠶᠢᠵᠤ᠂ ᠸᠢᠴᠠᠲ ᠤᠩᠰᠢᠯᠭ᠎ᠠ ᠶᠢᠨ ᠴᠠᠭ 27.02 ᠮᠢᠨᠦ᠋ᠲ ᠪᠠᠶᠢᠪᠠ᠃ ᠬᠦᠮᠦᠨ ᠳᠤᠮᠳᠠᠴᠢ ᠪᠠᠷ ᠡᠳᠦᠷ ᠪᠦᠷᠢ 20.38 ᠮᠢᠨᠦ᠋ᠲ ᠨᠤᠮ ᠤᠩᠰᠢᠵᠤ᠂ 12.1% ᠶᠢᠨ ᠠᠷᠠᠳ ᠢᠷᠭᠡᠨ ᠤ ᠬᠦᠮᠦᠨ ᠳᠤᠮᠳᠠᠴᠢ ᠶᠢᠨ ᠡᠳᠦᠷ ᠪᠦᠷᠢ ᠶᠢᠨ ᠨᠤᠮ ᠤᠩᠰᠢᠭᠰᠠᠨ ᠴᠠᠭ 1 ᠴᠠᠭ ᠢ ᠳᠠᠪᠠᠪᠠ᠃ 18-29 ᠪᠦᠬᠦᠯᠢ ᠨᠠᠰᠤᠨ ᠤ ᠬᠦᠮᠦᠰ ᠤᠨ ᠡᠳᠦᠷ ᠪᠦᠷᠢ ᠶᠢᠨ ᠨᠤᠮ ᠤᠩᠰᠢᠭᠰᠠᠨ ᠴᠠᠭ ᠬᠠᠮᠤᠭ ᠤᠨ ᠤᠷᠲᠤ ᠪᠠᠶᠢᠪᠠ᠃        ᠪᠠᠶᠢᠴᠠᠭᠠᠯᠲᠠ ᠳᠤ ᠬᠠᠷᠠᠭᠤᠯᠤᠭᠰᠠᠨ ᠨᠢ᠂ 2017 ᠤᠨ ᠤ ᠮᠠᠨ ᠤ ᠤᠯᠤᠰ ᠤᠨ ᠠᠷᠠᠳ ᠢᠷᠭᠡᠨ ᠤ ᠬᠦᠮᠦᠨ ᠳᠤᠮᠳᠠᠴᠢ ᠶᠢᠨ ᠴᠠᠭᠠᠰᠤᠨ ᠨᠤᠮ ᠪᠢᠴᠢᠭ ᠤᠩᠰᠢᠭᠰᠠᠨ ᠬᠡᠮᠵᠢᠶ᠎ᠡ 4.66 ᠳᠡᠪᠲᠡᠷ ᠪᠠᠶᠢᠵᠤ᠂ ᠨᠢᠳᠤᠨᠤᠨ ᠤ 4.65 ᠳᠠᠪᠲᠠᠷ  ᠲᠠᠢ ᠬᠠᠷᠢᠴᠠᠭᠤᠯᠪᠠᠯ ᠵᠢᠭᠠᠬᠠᠨ ᠨᠡᠮᠡᠭᠳᠡᠪᠡ᠃ 10.2% ᠤᠨ ᠠᠷᠠᠳ ᠢᠷᠭᠡᠨ ᠪᠦᠷᠢ 10 ᠳᠡᠪᠲᠡᠷ ᠵᠢᠴᠢ 10 ᠳᠡᠪᠲᠡᠷ ᠠᠴᠠ ᠢᠯᠡᠭᠦᠦ ᠴᠠᠭᠠᠰᠤᠨ ᠨᠤᠮ ᠤᠩᠰᠢᠵᠤ᠂ ᠪᠠᠰᠠ 5.4% ᠶᠢᠨ ᠠᠷᠠᠳ ᠢᠷᠭᠡᠨ 10 ᠳᠡᠪᠲᠡᠷ ᠵᠢᠴᠢ 10 ᠳᠡᠪᠲᠡᠷ ᠠᠴᠠ ᠤᠯᠠᠨ ᠡᠯᠧᠺᠲᠷᠤᠨ ᠨᠤᠮ ᠤᠩᠰᠢᠪᠠ᠃        ᠡᠭᠦᠨ ᠠᠴᠠ ᠭᠠᠳᠠᠨ᠎ᠠ᠂ ᠳᠠᠭᠤ ᠲᠠᠢ ᠤᠩᠰᠢᠯᠭ᠎ᠠ ᠨᠢ ᠠᠷᠠᠳ ᠢᠷᠭᠡᠨ ᠤ ᠤᠩᠰᠢᠯᠭ᠎ᠠ ᠶᠢᠨ ᠰᠢᠨ᠎ᠡ ᠨᠡᠮᠡᠭᠳᠡᠯ ᠤᠨ ᠴᠡᠭ ᠪᠤᠯᠵᠤ᠂ ᠳᠠᠭᠤ ᠲᠠᠢ ᠰᠢᠯᠵᠢᠮᠡᠯ APP ᠨᠢ ᠨᠤᠮ ᠰᠤᠨᠤᠰᠬᠤ ᠭᠤᠤᠯ ᠰᠤᠩᠭᠤᠯᠲᠠ ᠪᠤᠯᠵᠤ᠂ ᠬᠤᠶᠠᠷ ᠬᠤᠪᠢ ᠠᠴᠠ ᠳᠡᠭᠡᠭᠰᠢᠬᠢ ᠠᠷᠠᠳ ᠢᠷᠭᠡᠨ ᠨᠤᠮ ᠰᠤᠨᠤᠰᠬᠤ ᠳᠠᠳᠬᠠᠯ ᠲᠠᠢ ᠪᠤᠯᠪᠠ᠃        ᠳᠤᠮᠳᠠᠳᠤ ᠤᠯᠤᠰ ᠤᠨ ᠰᠤᠨᠢᠨ ᠮᠡᠳᠡᠭᠡ ᠬᠡᠪᠯᠡᠯ ᠤᠨ ᠰᠤᠳᠤᠯᠭᠠᠨ ᠤ ᠬᠦᠷᠢᠶᠡᠯᠡᠩ ᠠᠴᠠ ᠵᠤᠬᠢᠶᠠᠨ ᠪᠠᠶᠢᠭᠤᠯᠤᠨ ᠬᠡᠷᠡᠭᠵᠢᠭᠦᠯᠵᠦ ᠪᠠᠶᠢᠭ᠎ᠠ ᠪᠦᠬᠦ ᠤᠯᠤᠰ ᠤᠨ ᠠᠷᠠᠳ ᠢᠷᠭᠡᠨ ᠤ ᠤᠩᠰᠢᠯᠭ᠎ᠠ ᠶᠢᠨ ᠪᠠᠶᠢᠴᠠᠭᠠᠯᠲᠠ ᠶᠢ ᠨᠢᠭᠡᠨᠲᠡ ᠠᠷᠪᠠᠨ ᠲᠠᠪᠤ ᠤᠳᠠᠭ᠎ᠠ ᠦᠷᠨᠢᠭᠦᠯᠪᠡ᠃ ᠲᠤᠰ ᠤᠳᠠᠭᠠᠨ ᠤ ᠪᠠᠶᠢᠴᠠᠭᠠᠯᠲᠠ ᠠᠴᠠ ᠮᠠᠨ ᠤ ᠤᠯᠤᠰ ᠤᠨ 12.84 ᠳ᠋ᠦᠩᠰᠢᠭᠤᠷ ᠬᠦᠮᠦᠨ ᠠᠮᠠ ᠶᠢᠨ ᠤᠩᠰᠢᠯᠭ᠎ᠠ ᠶᠢᠨ ᠪᠠᠶᠢᠳᠠᠯ ᠢ ᠲᠠᠭᠠᠮᠠᠭᠯᠠᠨ ᠭᠠᠷᠭᠠᠵᠤ ᠪᠤᠯᠤᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号