ᠬᠢᠲᠠᠳ ᠢ ᠮᠤᠩᠭᠤᠯᠴᠢᠯᠠᠬᠤ ᠳᠤ ᠬᠤᠯᠪᠤᠭᠳᠠᠭᠰᠠᠨ ᠠᠰᠠᠭᠤᠳᠠᠯ ᠢᠶᠠᠷ ᠰᠡᠳᠦᠪᠯᠡᠨ ᠦᠭᠦᠯᠡᠬᠦ ᠨᠢ
ᠨᠡᠶᠢᠲᠡᠯᠡᠭᠰᠡᠨ ᠴᠠᠭ᠄
2018-04-16
ᠬᠠᠰᠭᠡᠷᠡᠯ        ᠤᠷᠴᠢᠭᠤᠯᠭ᠎ᠠ ᠪᠤᠯ ᠡᠳᠦᠷ ᠲᠤᠲᠤᠮ ᠤᠨ ᠠᠵᠤ ᠠᠮᠢᠳᠤᠷᠠᠯ᠂ ᠰᠤᠶᠤᠯ ᠤᠨ ᠲᠠᠯ᠎ᠠ ᠶᠢᠨ ᠬᠠᠷᠢᠯᠴᠠᠭ᠎ᠠ ᠲᠠᠢ ᠨᠢᠭᠲᠠ ᠬᠤᠯᠪᠤᠭᠠᠲᠠᠢ ᠶᠤᠮ᠃ ᠤᠳᠤᠬᠠᠨ ᠳᠤ ᠤᠷᠴᠢᠭᠤᠯᠭ᠎ᠠ ᠨᠢ ᠪᠡᠶ᠎ᠡ ᠪᠠᠨ ᠳᠠᠭᠠᠭᠠᠭᠰᠠᠨ ᠲᠤᠰᠬᠠᠢ ᠨᠢᠭᠡ ᠰᠤᠳᠤᠯᠭᠠᠨ ᠪᠤᠯᠵᠤ᠂ ᠰᠤᠳᠤᠯᠭᠠᠨ ᠤ ᠴᠠᠷᠠᠭ᠎ᠠ ᠬᠦᠷᠢᠶ᠎ᠡ ᠤᠯᠠᠮ ᠨᠠᠷᠢᠰᠤᠨ ᠭᠦᠨᠵᠡᠭᠡᠶᠢᠷᠡᠵᠦ᠂ ᠦᠢᠯᠡᠳᠦᠯ ᠴᠢᠳᠠᠮᠵᠢ ᠨᠢ ᠨᠡᠩ ᠳᠤᠪᠤᠶᠢᠮ᠎ᠠ ᠪᠤᠯᠵᠤ ᠪᠤᠢ᠃ ᠲᠤᠰ ᠦᠭᠦᠯᠡᠯ ᠳᠤ ᠬᠢᠲᠠᠳ ᠢ ᠮᠤᠩᠭᠤᠯᠴᠢᠯᠠᠬᠤ ᠳᠤ ᠵᠤᠬᠢᠰ ᠦᠭᠡᠢ ᠭᠡᠵᠦ ᠰᠠᠨᠠᠭᠳᠠᠭᠰᠠᠨ ᠵᠠᠷᠢᠮ ᠵᠦᠢᠯᠡᠰ ᠤᠨ ᠲᠤᠬᠠᠢ ᠲᠤᠪᠴᠢ ᠦᠭᠦᠯᠡᠵᠦ᠂ ᠰᠠᠨᠠᠯ ᠢᠶᠠᠨ ᠰᠤᠯᠢᠯᠴᠠᠬᠤ ᠶᠢ ᠵᠤᠷᠢᠯ᠎ᠠ᠃ ᠬᠢᠲᠠᠳ ᠢ ᠮᠤᠩᠭᠤᠯᠴᠢᠯᠠᠬᠤ ᠳᠤ ᠡᠩ ᠲᠡᠷᠢᠭᠦᠨ ᠳᠤ ᠮᠤᠩᠭᠤᠯ ᠰᠡᠳᠬᠢᠬᠦᠢ ᠳᠤ ᠲᠤᠯᠭᠠᠭᠤᠷᠢᠯᠠᠬᠤ ᠬᠡᠷᠡᠭᠲᠡᠢ᠃ ᠬᠡᠷᠪᠡ ᠬᠢᠲᠠᠳ ᠰᠡᠳᠬᠢᠬᠦᠢ ᠪᠠᠷ ᠮᠤᠩᠭᠤᠯᠴᠢᠯᠠᠪᠠᠯ ᠬᠦᠰᠢᠭᠦᠨ ᠤᠷᠴᠢᠭᠤᠯᠭ᠎ᠠ ᠪᠤᠯᠵᠤ᠂ ᠤᠶᠢᠯᠠᠭᠠᠬᠤ ᠳᠤ ᠲᠦᠪᠡᠭ ᠲᠠᠢ᠂ ᠤᠩᠰᠢᠬᠤ ᠳᠤ ᠳᠤᠷ᠎ᠠ ᠰᠤᠨᠢᠷᠬᠠᠯ ᠢ ᠮᠠᠭᠤᠲᠠᠭᠤᠯᠵᠤ᠂ ᠰᠦᠬᠡᠷᠭᠦ ᠨᠦᠯᠦᠭᠡ ᠭᠠᠷᠭᠠᠳᠠᠭ᠃ ᠡᠨᠡ ᠲᠤᠬᠠᠢ ᠡᠷᠳᠡᠮᠲᠡᠨ ᠰᠤᠳᠤᠯᠤᠭᠠᠴᠢᠳ ᠦᠭᠦᠯᠡᠯ ᠵᠤᠬᠢᠶᠠᠯ ᠨᠡᠶᠢᠲᠡᠯᠡᠭᠦᠯᠵᠦ᠂ ᠬᠦᠰᠢᠭᠦᠨ ᠤᠷᠴᠢᠭᠤᠯᠭ᠎ᠠ ᠠᠴᠠ ᠵᠠᠶᠢᠯᠠᠰᠬᠢᠬᠦ ᠲᠤᠬᠠᠢ ᠴᠢᠬᠤᠯᠠᠴᠢᠯᠠᠨ ᠰᠠᠨᠠᠭᠤᠯᠤᠭᠰᠠᠨ ᠪᠠᠶᠢᠳᠠᠭ᠃        ︽ᠮᠤᠩᠭᠤᠯ ᠬᠡᠯᠡᠨ ᠤ ᠰᠢᠨ᠎ᠡ ᠨᠡᠷ᠎ᠡ ᠲᠤᠮᠢᠶ᠎ᠠ ᠶᠢ ᠬᠡᠷᠬᠢᠨ ᠰᠢᠢᠳᠪᠦᠷᠢᠯᠡᠬᠦ ᠵᠠᠷᠴᠢᠮ ᠤᠨ ᠲᠤᠬᠠᠢ︾ ① ᠭᠡᠬᠦ ᠦᠭᠦᠯᠡᠯ ᠳᠤ ᠨᠡᠷ᠎ᠡ ᠲᠣᠮᠢᠶ᠎ᠠ ᠶᠢ ᠨᠡᠷᠡᠯᠡᠬᠦ ᠵᠠᠷᠴᠢᠮ ᠤᠨ ᠲᠤᠬᠠᠢ ︽ᠬᠢᠲᠠᠳ ᠬᠡᠯᠡᠨ ᠳᠤ ᠦᠯᠦ ᠪᠠᠷᠢᠭᠳᠠᠨ ᠤᠷᠴᠢᠭᠤᠯᠵᠤ ᠬᠡᠷᠡᠭᠯᠡᠬᠦ ᠵᠠᠷᠴᠢᠮ︾ ᠢ ᠴᠢᠬᠤᠯᠠ ᠨᠢᠭᠡ ᠵᠠᠷᠴᠢᠮ ᠪᠤᠯᠭᠠᠨ ᠦᠭᠦᠯᠡᠵᠡᠢ᠃ ︽ᠲᠤᠯᠢ ᠪᠢᠢᠴᠭ ᠬᠢᠭᠡᠳ ᠨᠡᠷ᠎ᠡ ᠲᠤᠮᠢᠶᠠᠨ ᠤ ᠳᠦᠷᠢᠮᠵᠢᠯ︾ ② ᠭᠡᠬᠦ ᠦᠭᠦᠯᠡᠯ ᠳᠤ ︽ᠦᠪᠡᠷ ᠤᠨ ᠬᠡᠯᠡᠨ ᠳᠤ ᠪᠡᠯᠡᠨ ᠪᠠᠶᠢᠭ᠎ᠠ ᠪᠠᠶᠢᠲᠠᠯ᠎ᠠ ᠬᠠᠷᠢ ᠬᠡᠯᠡᠨ ᠠᠴᠠ ᠵᠢᠭᠡᠯᠡᠵᠦ ᠂ ᠦᠪᠡᠷ ᠤᠨ ᠬᠡᠯᠡᠨ ᠤ ᠪᠠᠨ ᠲᠤᠬᠢᠲᠠᠢ ᠰᠠᠶᠢᠬᠠᠨ ᠦᠭᠡ ᠨᠦᠭᠦᠳ ᠢ ᠭᠠᠳᠠᠭᠰᠢ ᠰᠢᠬᠠᠵᠤ ᠪᠠᠶᠢᠭ᠎ᠠ ᠦᠵᠡᠭᠳᠡᠯ ᠤᠷᠤᠰᠢᠵᠤ ᠪᠤᠢ᠂ ᠮᠧᠬᠠᠨᠢᠭᠴᠢᠯᠠᠨ ᠤᠷᠴᠢᠭᠤᠯᠤᠭᠰᠠᠨ ᠪᠠᠶᠢᠳᠠᠯ ᠤᠷᠤᠰᠢᠵᠤ᠂ ᠡᠪ ᠬᠠᠪᠤ ᠦᠭᠡᠢ᠂ ᠤᠷᠲᠤ ᠰᠤᠨᠵᠢᠷᠠᠭᠤᠨ ᠪᠤᠯᠤᠭᠰᠠᠨ︾ ᠭᠡᠵᠦ ᠵᠠᠳᠠᠯᠤᠨ ᠦᠭᠦᠯᠡᠪᠡ᠃ ︽ᠮᠤᠩᠭᠤᠯ ᠬᠡᠯᠡᠨ ᠤ ᠰᠢᠨᠵᠢᠯᠡᠬᠦ ᠤᠬᠠᠭᠠᠨ ᠮᠡᠷᠭᠡᠵᠢᠯ ᠤᠨ ᠨᠡᠷ᠎ᠡ ᠲᠤᠮᠢᠶ᠎ᠠ ᠶᠢ ᠴᠡᠭᠴᠡᠯᠡᠨ ᠡᠮᠬᠢᠯᠡᠬᠦ ᠲᠤᠬᠠᠢ ᠲᠤᠷᠰᠢᠨ ᠦᠭᠦᠯᠡᠬᠦ ᠨᠢ︾ ③ ᠭᠡᠬᠦ ᠦᠭᠦᠯᠡᠯ ᠳᠤ ︽ᠬᠢᠲᠠᠳ ᠬᠡᠯᠡᠨ ᠤ ᠮᠧᠬᠠᠨᠢᠭ ᠤᠷᠴᠢᠭᠤᠯᠭ᠎ᠠ ᠪᠤᠶᠤ ᠲᠠᠶᠢᠯᠪᠤᠷᠢ ᠦᠭᠡ ᠪᠠᠶᠢᠬᠤ ᠬᠦᠯᠢᠶᠡᠰᠦᠯᠡᠯ ᠠᠴᠠ ᠮᠤᠯᠲᠤᠷᠠᠵᠤ᠂ ᠮᠤᠩᠭᠤᠯ ᠬᠡᠯᠡᠨ ᠤ ᠵᠦᠢ ᠳᠤ ᠨᠡᠶᠢᠴᠡᠭᠰᠡᠨ ᠠᠪᠰᠠᠷ ᠲᠤᠬᠢᠯᠢᠭ ᠨᠡᠷ᠎ᠡ ᠲᠤᠮᠢᠶ᠎ᠠ ᠶᠢ ᠪᠦᠲᠦᠭᠡᠬᠦ ᠬᠡᠷᠡᠭᠲᠡᠢ︾ ᠭᠡᠵᠡᠢ᠃ ︽ᠳᠠᠭᠠᠪᠤᠷᠢ ᠵᠠᠯᠭᠠᠵᠤ ᠨᠡᠷ᠎ᠡ ᠲᠤᠮᠢᠶ᠎ᠠ ᠪᠦᠲᠦᠭᠡᠵᠦ ᠪᠠᠶᠢᠭ᠎ᠠ ᠪᠠᠶᠢᠳᠠᠯ ᠠᠴᠠ︾ ④ ᠭᠡᠬᠦ ᠦᠭᠦᠯᠡᠯ ᠳᠤ ︽ᠨᠡᠷᠡᠯᠡᠬᠦ ᠭᠡᠵᠦ ᠪᠠᠶᠢᠭ᠎ᠠ ᠤᠬᠠᠭᠳᠠᠬᠤᠨ ᠳᠠᠭᠠᠨ ᠦᠨᠳᠦᠰᠦᠯᠡᠬᠦ ᠦᠭᠡᠢ ᠪᠠᠷ ᠬᠠᠷᠢ ᠬᠡᠯᠡᠨ᠎ᠡ ᠦᠭᠭᠦᠭᠳᠡᠭᠰᠡᠨ ᠪᠡᠯᠡᠨ ᠨᠡᠷᠡᠶᠢᠳᠦᠯ ᠤᠨ ᠬᠡᠯᠪᠡᠷᠢ ᠶᠢ ᠪᠠᠷᠢᠮᠲᠠᠯᠠᠵᠤ᠂ ᠢᠯᠠᠩᠭᠤᠶ᠎ᠠ ᠳᠠᠰ ᠳᠠᠷᠠᠭ᠎ᠠ ᠶᠢ ᠪᠠᠷᠢᠮᠲᠠᠯᠠᠨ ᠬᠠᠭᠤᠯᠤᠨ ᠤᠷᠴᠢᠭᠤᠯᠬᠤ ᠠᠷᠭ᠎ᠠ ᠶᠢ ᠨᠤᠶᠠᠯᠠᠬᠤ ᠪᠠᠶᠢᠷᠢᠨ ᠳᠤ ᠲᠠᠯᠪᠢᠵᠤ ᠪᠤᠢ᠂ ᠡᠨᠡ ᠪᠤᠯ ᠨᠤᠴᠢᠲᠠᠢ ᠤᠷᠤᠰᠢᠵᠤ ᠪᠠᠶᠢᠭ᠎ᠠ ᠠᠰᠠᠭᠤᠳᠠᠯ ᠮᠦᠨ︾ ᠭᠡᠵᠦ ᠳᠤᠷᠠᠳᠴᠠᠢ᠃        ᠡᠭᠦᠨ ᠳᠤ ᠳᠤᠷᠠᠳᠤᠭᠤᠰᠢᠲᠠᠢ ᠨᠢᠭᠡ ᠵᠦᠢᠯ ᠭᠡᠪᠡᠯ᠂ ᠨᠡᠷ᠎ᠡ ᠲᠤᠮᠢᠶᠠᠨ ᠤ ᠤᠷᠴᠢᠭᠤᠯᠭ᠎ᠠ ᠪᠠ ᠤᠷᠠᠨ ᠵᠤᠬᠢᠶᠠᠯ ᠤᠨ ᠤᠷᠴᠢᠭᠤᠯᠭ᠎ᠠ ᠪᠤᠯ ᠢᠯᠭᠠᠭ᠎ᠠ ᠲᠠᠢ ᠶᠤᠮ᠃ ᠨᠡᠷ᠎ᠡ ᠲᠤᠮᠢᠶᠠᠨ ᠤ ᠤᠷᠴᠢᠭᠤᠯᠭ᠎ᠠ ᠨᠢ ᠤᠷᠠᠨ ᠵᠤᠬᠢᠶᠠᠯ ᠰᠢᠭ᠋ ᠬᠡᠶᠢᠰᠪᠦᠷᠢ ᠰᠡᠳᠬᠢᠬᠦᠢ ᠳᠤ ᠰᠠᠭᠤᠷᠢᠯᠠᠭᠳᠠᠵᠤ᠂ ᠨᠡᠶᠢᠭᠡᠮ ᠤᠨ ᠤᠷᠴᠢᠨ ᠠᠬᠤᠢ᠂ ᠬᠦᠮᠦᠰ ᠤᠨ ᠠᠮᠢᠳᠤᠷᠠᠯ ᠤᠨ ᠤᠳᠤ᠂ ᠢᠷᠡᠭᠡᠳᠦᠢ ᠶᠢᠨ ᠰᠠᠶᠢᠨ ᠰᠠᠶᠢᠬᠠᠨ ᠢ ᠬᠦᠰᠡᠵᠦ ᠮᠦᠷᠦᠭᠡᠳᠦᠭᠰᠡᠨ ᠤᠷᠠᠨ ᠨᠠᠶᠢᠷᠠᠭ ᠪᠢᠰᠢ᠂ ᠮᠦᠨ ᠦᠯᠢᠭᠡᠷ ᠤᠨ ᠵᠤᠬᠢᠶᠠᠯ ᠰᠢᠭ᠋ ᠪᠠᠭᠠᠲᠤᠷ ᠢᠶᠠᠨ ᠤᠷᠠᠯᠠᠨ ᠪᠦᠲᠦᠭᠡᠵᠦ ᠭᠤᠤᠯ ᠰᠠᠨᠠᠭ᠎ᠠ ᠪᠠᠨ ᠢᠯᠡᠳᠬᠡᠳᠡᠭ ᠪᠢᠰᠢ᠂ ᠬᠠᠷᠢᠨ ᠪᠤᠳᠠᠲᠤ ᠦᠢᠯᠡᠳᠦᠯᠭᠡ ᠶᠢᠨ ᠳᠤᠮᠳᠠ ᠠᠴᠠ ᠰᠢᠨᠵᠢᠯᠡᠬᠦ ᠤᠬᠠᠭᠠᠨ ᠤ ᠰᠤᠳᠤᠯᠭ᠎ᠠ ᠪᠠᠷ ᠳᠠᠮᠵᠢᠭᠳᠠᠭᠰᠠᠨ ᠨᠢᠭᠡᠨ ᠪᠦᠷᠢᠨ ᠪᠦᠲᠦᠨ ᠠᠷᠭ᠎ᠠ ᠮᠡᠷᠭᠡᠵᠢᠯ ᠢ ᠢᠯᠡᠷᠡᠭᠦᠯᠵᠦ ᠪᠠᠶᠢᠭ᠎ᠠ ᠲᠤᠯᠠ ᠬᠡᠶᠢᠰᠪᠦᠷᠢ ᠬᠠᠭᠤᠷᠮᠠᠭ ᠵᠦᠢᠯ ᠦᠴᠦᠬᠡᠨ ᠴᠦ ᠪᠠᠶᠢᠵᠤ ᠪᠤᠯᠳᠠᠭ ᠦᠭᠡᠢ ᠮᠦᠨ ᠴᠢᠨᠠᠷ ᠤᠨ ᠢᠯᠭᠠᠭ᠎ᠠ ᠲᠠᠢ ᠶᠤᠮ᠃ ᠵᠠᠷᠢᠮ ᠲᠤᠬᠢᠶᠠᠯᠳᠤᠯ ᠳᠤ ᠨᠢᠭᠡ ᠦᠭᠡ ᠶᠢ ᠠᠳᠠᠯᠢ ᠪᠤᠰᠤ ᠰᠢᠨᠵᠢᠯᠡᠭᠡᠨ ᠳᠤ ᠠᠳᠠᠯᠢ ᠪᠤᠰᠤ ᠪᠠᠷ ᠤᠷᠴᠢᠭᠤᠯᠵᠤ ᠬᠡᠷᠡᠭᠯᠡᠵᠦ ᠪᠠᠶᠢᠳᠠᠭ᠃ ᠤᠷᠠᠨ ᠵᠤᠬᠢᠶᠠᠯ ᠪᠠ ᠡᠮ ᠡᠮᠨᠡᠯᠭᠡ ᠳᠤ ᠨᠢᠭᠡ ᠦᠭᠡ ᠶᠢ ᠠᠳᠠᠯᠢ ᠪᠤᠰᠤ ᠪᠠᠷ ᠤᠷᠴᠢᠭᠤᠯᠵᠤ ᠪᠠᠶᠢᠭ᠎ᠠ ᠪᠠᠷ ᠵᠢᠱᠢᠶᠡᠯᠡᠪᠡᠯ ⑤᠄ᠬᠢᠲᠠᠳ᠄ 组织             生产             吻合ᠤᠷᠠᠨ ᠵᠤᠬᠢᠶᠠᠯ᠄ ᠵᠤᠬᠢᠶᠠᠨ ᠪᠠᠶᠢᠭᠤᠤᠯᠲᠠ         ᠦᠢᠯᠡᠳᠪᠦᠷᠢᠯᠡᠯ         ᠨᠡᠶᠢᠯᠡᠬᠦ᠂ ᠨᠡᠶᠢᠴᠡᠬᠦᠠᠨᠠᠭᠠᠬᠤ ᠤᠬᠠᠭᠠᠨ᠄ ᠨᠡᠭᠡᠳᠡᠰᠦ ᠡᠰ         ᠬᠦᠩᠭᠡᠵᠢᠬᠦ         ᠠᠮᠠᠯᠠᠯ᠂ ᠤᠶᠤᠬᠤᠬᠢᠲᠠᠳ ᠦᠭᠡ᠄ 吻             缝             鼻音             代偿ᠤᠷᠠᠨ ᠵᠤᠬᠢᠶᠠᠯ᠄ ᠤᠵᠤᠬᠤ᠂ ᠲᠠᠭᠠᠯᠠᠬᠤ         ᠤᠶᠤᠬᠤ         ᠬᠠᠮᠠᠷ ᠤᠨ ᠠᠪᠢᠶ᠎ᠠ          ᠤᠷᠤᠯᠠᠯᠠᠨᠠᠭᠠᠬᠤ ᠤᠬᠠᠭᠠᠨ᠄ ᠤᠶᠤᠬᠤ᠂ ᠤᠭᠲᠤᠯᠬᠤ         ᠵᠠᠭᠠᠳᠠᠰᠤ᠂ ᠤᠶᠤᠳᠠᠯ         ᠭᠤᠩᠰᠢᠶ᠎ᠠ         ᠡᠨᠡᠭᠰᠢᠯ        ᠵᠢᠱᠢᠶᠡᠯᠡᠪᠡᠯ᠄ 杯子里有水 ᠭᠡᠬᠦ ᠦᠭᠦᠯᠡᠪᠦᠷᠢ ᠶᠢ ︽ᠴᠤᠮᠤᠨ ᠲᠤᠲᠤᠷ᠎ᠠ ᠤᠰᠤ ᠲᠠᠢ ~ ᠴᠤᠮᠤᠨ ᠳᠤ ᠤᠰᠤ ᠲᠠᠢ︾ ᠭᠡᠬᠦᠴᠢᠯᠡᠨ ᠬᠤᠶᠠᠷ ᠶᠠᠩᠵᠤ ᠪᠠᠷ ᠤᠷᠴᠢᠭᠤᠯᠵᠤ ᠪᠤᠯᠤᠨ᠎ᠠ᠃ ᠢᠯᠭᠠᠭ᠎ᠠ ᠨᠢ ︽ᠲᠤᠲᠤᠷ᠎ᠠ︾ ᠪᠠ ︽ ᠳᠤ︾ ᠳᠡᠭᠡᠷ᠎ᠡ ᠢᠯᠡᠷᠡᠵᠦ ᠪᠤᠢ᠃ ᠡᠭᠦᠨ ᠳᠤ ᠡᠮᠦᠨᠡᠬᠢ ᠤᠷᠴᠢᠭᠤᠯᠭ᠎ᠠ ᠳᠤ ᠬᠢᠲᠠᠳ ᠬᠡᠯᠡᠨ ᠤ 里 ᠶᠢ ᠮᠢᠬᠠᠴᠢᠯᠠᠨ ᠤᠷᠴᠢᠭᠤᠯᠵᠤ᠂ ᠰᠡᠭᠦᠯᠴᠢ ᠶᠢᠨ ᠤᠷᠴᠢᠭᠤᠯᠭ᠎ᠠ ᠨᠢ ᠮᠤᠩᠭᠤᠯᠵᠢᠭᠤᠨ ᠤᠷᠴᠢᠭᠤᠯᠭ᠎ᠠ ᠪᠤᠯᠤᠭᠰᠠᠨ ᠰᠢᠭ᠋ ᠰᠠᠨᠠᠭᠳᠠᠨ᠎ᠠ᠃ ᠤᠴᠢᠷ ᠨᠢ᠂ ᠮᠤᠩᠭᠤᠯ ᠬᠡᠯᠡᠨ ᠤ ᠦᠭᠬᠦ ᠤᠷᠤᠰᠢᠬᠤ ᠶᠢᠨ ᠲᠠᠶᠢᠨ ᠢᠯᠭᠠᠯ ︽ ᠳᠤ︾ ᠨᠢ ᠤᠷᠤᠰᠢᠬᠤ᠂ ᠪᠠᠶᠢᠬᠤ ᠤᠳᠬ᠎ᠠ ᠶᠢ ᠢᠯᠡᠳᠬᠡᠳᠡᠭ᠃        走着来的 ᠭᠡᠬᠦ ᠦᠭᠦᠯᠡᠪᠦᠷᠢ ᠶᠢ ︽ᠠᠯᠬᠤᠭᠠᠳ ᠢᠷᠡᠵᠡᠢ ~ ᠶᠠᠪᠠᠭᠠᠨ ᠢᠷᠡᠵᠡᠢ︾ ᠭᠡᠬᠦᠴᠢᠯᠡᠨ ᠬᠤᠶᠠᠷ ᠶᠠᠩᠵᠤ ᠪᠠᠷ ᠤᠷᠴᠢᠭᠤᠯᠵᠤ ᠪᠤᠢ᠃ ᠡᠮᠦᠨᠡᠬᠢ ᠦᠭᠦᠯᠡᠪᠦᠷᠢ ᠨᠢ ᠮᠢᠬᠠᠴᠢᠯᠠᠭᠰᠠᠨ ᠤᠷᠴᠢᠭᠤᠯᠭ᠎ᠠ ᠪᠤᠯᠵᠤ᠂ ᠬᠤᠶᠢᠨᠠᠬᠢ ᠦᠭᠦᠯᠡᠪᠦᠷᠢ ᠨᠢ ᠮᠤᠩᠭᠤᠯᠵᠢᠭᠤᠨ ᠤᠷᠴᠢᠭᠤᠯᠭ᠎ᠠ ᠪᠤᠯᠬᠤ ᠨᠢ ᠦᠵᠡᠲᠡᠯ᠎ᠡ ᠢᠯᠡᠷᠬᠡᠢ᠃ ᠪᠢᠳᠡ ᠳᠠᠩᠳᠠ ︽ᠠᠯᠬᠤᠭᠠᠳ ᠢᠷᠡᠵᠡᠢ︾ ᠭᠡᠵᠦ ᠶᠠᠷᠢᠳᠠᠭ ᠪᠤᠯᠪᠠᠴᠤ ︽ᠠᠯᠬᠤᠭᠠᠳ︾ ᠭᠡᠵᠦ ᠬᠡᠯᠡᠬᠦ ᠨᠢ ᠵᠤᠬᠢᠰ ᠦᠭᠡᠢ ᠶᠤᠮ᠃ ᠡᠨᠡ ᠪᠤᠯ ᠬᠢᠲᠠᠳ ᠰᠡᠳᠬᠢᠬᠦᠢ ᠳᠤ ᠭᠦᠨ ᠨᠦᠯᠦᠭᠡᠯᠡᠭᠳᠡᠭᠰᠡᠨ ᠤ ᠦᠷ᠎ᠡ ᠳ᠋ᠦᠩ ᠮᠦᠨ᠃        爱国主义 ᠭᠡᠬᠦ ᠦᠭᠡ ᠶᠢ ︽ᠤᠯᠤᠰ ᠢᠶᠠᠨ ᠬᠠᠶᠢᠷᠠᠯᠠᠬᠤ ᠦᠵᠡᠯ ~ ᠡᠬᠡ ᠤᠷᠤᠨᠴᠢ ᠦᠵᠡᠯ︾ ᠭᠡᠬᠦᠴᠢᠯᠡᠨ ᠠᠳᠠᠯᠢ ᠪᠤᠰᠤ ᠪᠠᠷ ᠤᠷᠴᠢᠭᠤᠯᠵᠤ ᠪᠤᠢ᠃ ᠡᠮᠦᠨᠡᠬᠢ ᠨᠢ ᠮᠢᠬᠠᠴᠢᠯᠠᠨ ᠤᠷᠴᠢᠭᠤᠯᠵᠤ᠂ ᠬᠤᠶᠢᠨᠠᠬᠢ ᠨᠢ ᠤᠳᠬᠠᠴᠢᠯᠠᠨ ᠤᠷᠴᠢᠭᠤᠯᠵᠠᠢ᠃ ᠮᠢᠨᠦ ᠪᠤᠳᠤᠬᠤ ᠪᠠᠷ ︽ᠡᠬᠡ ᠤᠷᠤᠨᠴᠢ ᠦᠵᠡᠯ︾ ᠭᠡᠬᠦ ᠨᠢ ︽ᠤᠯᠤᠰ ᠢᠶᠠᠨ ᠬᠠᠶᠢᠷᠠᠯᠠᠬᠤ ᠦᠵᠡᠯ︾ ᠭᠡᠬᠦ ᠤᠷᠴᠢᠭᠤᠯᠭ᠎ᠠ ᠠᠴᠠ ᠡᠪᠯᠢᠭ ᠰᠠᠨᠠᠭᠳᠠᠨ᠎ᠠ᠃ ︽ᠡᠬᠡ ᠤᠷᠤᠨᠴᠢ︾ ᠭᠡᠬᠦ ᠦᠭᠡᠨ ᠳᠤ ᠡᠬᠡ ᠤᠯᠤᠰ ᠢᠶᠠᠨ ᠬᠠᠶᠢᠷᠠᠯᠠᠬᠤ ᠰᠠᠨᠠᠭ᠎ᠠ ᠪᠢᠯᠬᠠᠮ᠎ᠠ ᠠᠭᠤᠯᠤᠭᠳᠠᠵᠤ᠂ ᠲᠠᠭᠠᠯᠠᠯ ᠤᠨ ᠦᠩᠭᠡ ᠠᠶᠠᠰ ᠴᠦ ᠬᠤᠷᠴᠠ ᠲᠤᠳᠤᠷᠬᠠᠢ ᠪᠠᠶᠢᠳᠠᠭ᠃        开会 ᠭᠡᠬᠦ ᠦᠭᠡ ᠶᠢ ︽ᠬᠤᠷᠠᠯ ᠬᠢᠬᠦ ~ ᠬᠤᠷᠠᠯᠳᠤᠬᠤ︾ ᠭᠡᠬᠦ ᠮᠡᠲᠦᠴᠢᠯᠡᠨ ᠤᠷᠴᠢᠭᠤᠯᠵᠤ ᠪᠤᠢ᠃ ᠡᠮᠦᠨᠡᠬᠢ ᠨᠢ ᠬᠢᠲᠠᠳ ᠦᠭᠡᠨ ᠳᠤ ᠬᠡᠲᠦᠷᠬᠡᠢ ᠪᠠᠷᠢᠭᠳᠠᠭᠰᠠᠨ ᠦᠬᠦᠮᠡᠯ ᠤᠷᠴᠢᠭᠤᠯᠭ᠎ᠠ ᠪᠤᠯᠵᠠᠢ᠃ ︽ᠬᠤᠷᠠᠯᠳᠤᠬᠤ︾ ᠭᠡᠬᠦ ᠦᠭᠡ ᠨᠢ ︽ᠬᠤᠷᠠᠯ ᠬᠢᠬᠦ︾ ᠭᠡᠬᠦ ᠦᠭᠡ ᠶᠢᠨ ᠰᠠᠨᠠᠭ᠎ᠠ ᠶᠢ ᠪᠦᠷᠢᠨ ᠢᠯᠡᠳᠬᠡᠵᠦ ᠴᠢᠳᠠᠳᠠᠭ᠃        跳舞 ᠭᠡᠬᠦ ᠦᠭᠡ ᠶᠢ ︽ᠪᠦᠵᠢᠭ ᠦᠰᠦᠷᠬᠦ ~ ᠪᠦᠵᠢᠭᠯᠡᠬᠦ︾ ᠭᠡᠵᠦ ᠬᠤᠯᠪᠤᠭ᠎ᠠ ᠦᠭᠡ ᠪᠠ ᠳᠠᠩ ᠦᠭᠡ ᠶᠢᠨ ᠬᠡᠯᠪᠡᠷᠢ ᠪᠠᠷ ᠤᠷᠴᠢᠭᠤᠯᠵᠤ ᠪᠤᠢ᠃ ︽ᠪᠦᠵᠢᠭ ᠦᠰᠦᠷᠬᠦ︾ ᠭᠡᠳᠡᠭ ᠨᠢ ᠬᠢᠲᠠᠳ ᠦᠭᠡ ᠶᠢ ᠦᠰᠦᠭ ᠳᠠᠷᠠᠭᠠᠯᠠᠨ ᠮᠢᠬᠠᠴᠢᠯᠠᠨ ᠤᠷᠴᠢᠭᠤᠯᠵᠠᠢ᠃ ︽ᠪᠦᠵᠢᠭᠯᠡᠬᠦ︾ ᠭᠡᠪᠡᠯ ᠳᠦᠭᠦᠮ ᠠᠪᠰᠠᠷ ᠪᠦᠭᠡᠳ ᠮᠤᠩᠭᠤᠯᠵᠢᠭᠤᠨ ᠤᠷᠴᠢᠭᠤᠯᠭ᠎ᠠ ᠪᠤᠯᠤᠨ᠎ᠠ᠃        单向路线、双向路线 ᠭᠡᠬᠦ ᠬᠤᠶᠠᠷ ᠦᠭᠡ ᠪᠤᠯ ᠵᠠᠮ ᠬᠠᠷᠢᠯᠴᠠᠭᠠᠨ ᠳᠤ ᠬᠤᠯᠪᠤᠭᠳᠠᠭᠰᠠᠨ ᠨᠡᠷ᠎ᠡ ᠲᠤᠮᠢᠶ᠎ᠠ ᠶᠤᠮ᠃ ᠲᠤᠰ ᠬᠤᠶᠠᠷ ᠦᠭᠡ ᠶᠢ ᠵᠠᠷᠢᠮ ᠨᠤᠮ ᠪᠢᠴᠢᠭ ᠲᠤ ︽ᠳᠠᠩ ᠴᠢᠭᠯᠡᠯᠲᠦ ᠵᠠᠮ᠂ ᠬᠤᠤᠰ ᠴᠢᠭᠯᠡᠯᠲᠦ ᠵᠠᠮ︾ ᠭᠡᠵᠦ ᠤᠷᠴᠢᠭᠤᠯᠵᠤ ᠪᠤᠢ᠃ ᠮᠤᠩᠭᠤᠯ ᠤᠯᠤᠰ ᠲᠤ ︽ᠳᠠᠩ ᠤᠷᠤᠰᠬᠠᠯᠲᠤ ᠵᠠᠮ᠂ ᠬᠤᠤᠰ ᠤᠷᠤᠰᠬᠠᠯᠲᠤ ᠵᠠᠮ︾ ᠭᠡᠵᠦ ᠬᠡᠯᠡᠳᠡᠭ ᠨᠢ ︽ᠳᠠᠩ ᠴᠢᠭᠯᠡᠯᠲᠦ ᠵᠠᠮ᠂ ᠬᠤᠤᠰ ᠴᠢᠭᠯᠡᠯᠲᠦ ᠵᠠᠮ︾ ᠭᠡᠰᠡᠨ ᠠᠴᠠ ᠨᠡᠩ ᠤᠷᠠᠨ ᠳᠦᠷᠰᠦᠯᠢᠭ ᠰᠠᠨᠠᠭᠳᠠᠵᠤ ᠭᠦᠨ ᠰᠠᠭᠤᠭᠳᠠᠯ ᠦᠯᠡᠳᠡᠭᠡᠳᠡᠭ᠃        可持续发展 ᠭᠡᠬᠦ ᠦᠭᠡ ᠶᠢ ︽ᠦᠷᠭᠦᠯᠵᠢᠯᠡᠭᠰᠡᠨ ᠬᠦᠭᠵᠢᠯᠲᠡ ~ ᠨᠦᠭᠡᠴᠡ ᠬᠦᠭᠵᠢᠯᠲᠡ︾ ᠭᠡᠬᠦᠴᠢᠯᠡᠨ ᠤᠷᠴᠢᠭᠤᠯᠵᠤ ᠪᠠᠶᠢᠭ᠎ᠠ ᠬᠠᠷᠠᠭᠳᠠᠨ᠎ᠠ᠃ ︽ᠦᠷᠭᠦᠯᠵᠢᠯᠡᠭᠰᠡᠨ ᠬᠦᠭᠵᠢᠯᠲᠡ︾ ᠪᠤᠯ ᠬᠢᠲᠠᠳ ᠦᠭᠡᠨ ᠳᠤ ᠪᠠᠷᠢᠭᠳᠠᠵᠤ᠂ ᠬᠢᠲᠠᠳ ᠰᠡᠳᠬᠢᠬᠦᠢ ᠪᠠᠷ ᠤᠷᠴᠢᠭᠤᠯᠤᠭᠰᠠᠨ ᠬᠦᠰᠢᠭᠦᠨ ᠤᠷᠴᠢᠭᠤᠯᠭ᠎ᠠ ᠶᠤᠮ᠃ ᠮᠤᠩᠭᠤᠯ ᠬᠡᠯᠡᠨ ᠳᠤ ︽ᠨᠦᠭᠡᠴᠡ ᠲᠠᠢ ᠬᠦᠭᠵᠢᠯᠲᠡ︾ ᠭᠡᠬᠦ ᠶᠠᠭ ᠲᠠᠭ ᠲᠠᠭᠠᠷᠠᠭᠰᠠᠨ ᠰᠠᠶᠢᠬᠠᠨ ᠦᠭᠡ ᠪᠠᠶᠢᠳᠠᠭ ᠢ ᠮᠠᠷᠲᠠᠵᠤ ᠪᠤᠯᠬᠤ ᠦᠭᠡᠢ᠃ ︽ᠨᠦᠭᠡᠴᠡ︾ ᠭᠡᠵᠦ ᠶᠠᠭᠤ ᠶᠢ ᠵᠢᠭᠠᠳᠠᠭ ᠶᠤᠮ ᠪᠤᠢ︖ ︽ᠨᠦᠭᠡᠴᠡ — ᠪᠠᠴᠢᠮ ᠦᠶ᠎ᠡ ᠪᠠ ᠴᠢᠬᠤᠯᠠ ᠬᠡᠷᠡᠭᠴᠡᠭᠡ ᠲᠠᠢ ᠴᠠᠭ ᠲᠤ ᠵᠠᠷᠤᠴᠠᠭᠤᠯᠬᠤ ᠪᠠᠷ ᠬᠠᠳᠠᠭᠠᠯᠠᠵᠤ ᠦᠯᠡᠳᠡᠭᠡᠭᠰᠡᠨ ᠵᠦᠢᠯ︾ ⑥᠃ ᠡᠶᠢᠨ ᠬᠦ ︽ᠨᠦᠭᠡᠴᠡ ᠲᠠᠢ ᠬᠦᠭᠵᠢᠯᠲᠡ︾ ᠭᠡᠬᠦ ᠨᠢ ︽ᠦᠷᠭᠦᠯᠵᠢᠯᠡᠭᠰᠡᠨ ᠬᠦᠭᠵᠢᠯᠲᠡ︾ ᠶᠢ ᠪᠤᠳᠤᠪᠠᠯ ᠬᠢᠲᠠᠳ ᠦᠭᠡ ᠶᠢᠨ ᠤᠳᠬ᠎ᠠ ᠶᠢ ᠨᠡᠩ ᠤᠨᠤᠪᠴᠢᠲᠠᠢ ᠢᠯᠡᠳᠬᠡᠵᠦ ᠴᠢᠳᠠᠨ᠎ᠠ᠃        豆腐 ᠪᠠ 粉条 ᠪᠤᠯ ᠮᠠᠨ ᠤ ᠦᠷᠭᠦᠯᠵᠢ ᠢᠳᠡᠳᠡᠭ ᠢᠳᠡᠭᠡᠨ ᠤ ᠵᠦᠢᠯ ᠶᠤᠮ᠃ ᠭᠡᠪᠡᠴᠦ ᠪᠢᠳᠡ ᠡᠳᠦᠷ ᠲᠤᠲᠤᠮ ᠤᠨ ᠶᠠᠷᠢᠶᠠᠨ ᠳᠠᠭᠠᠨ 豆腐、粉条 ᠭᠡᠵᠦ ᠬᠡᠯᠡᠭᠡᠳ ᠲᠠᠰᠴᠢᠬᠠᠵᠠᠢ᠃ ᠤᠶᠢᠷ᠎ᠠ ᠳᠤ ᠸᠢᠴᠠᠲ ᠳᠡᠭᠡᠷ᠎ᠡ 豆腐 ᠶᠢ ︽ᠨᠢᠲᠠᠷᠬᠠᠢ︾᠂ 粉条 ᠶᠢ ︽ᠭᠤᠯᠭᠤᠷᠠᠰᠢ︾ ᠭᠡᠵᠦ ᠵᠠᠷᠢᠮ ᠭᠠᠵᠠᠷ ᠤᠨ ᠮᠤᠩᠭᠤᠯᠴᠤᠳ ᠶᠠᠷᠢᠳᠠᠭ ᠭᠡᠵᠦ ᠮᠡᠳᠡᠭᠡᠯᠡᠵᠡᠢ᠃ ︽ᠨᠢᠲᠠᠷᠬᠠᠢ︾ ᠪᠤᠯ ᠬᠠᠲᠠᠭᠤ ᠶᠠᠭᠤᠮ᠎ᠠ ᠶᠢ ᠳᠡᠪᠲᠦᠭᠡᠵᠦ ᠬᠡᠮᠬᠡᠯᠡᠭᠰᠡᠨ ᠵᠦᠢᠯ ᠪᠦᠭᠡᠳ ᠲᠡᠭᠦᠨ ᠠᠴᠠ ᠪᠦᠲᠦᠭᠰᠡᠨ ᠠᠭᠰᠢᠮᠠᠯ ᠡᠭᠡᠳᠡᠩ ᠢ ᠵᠢᠭᠠᠵᠤ ᠪᠤᠯᠤᠨ᠎ᠠ᠃ ︽ᠭᠤᠯᠭᠤᠷᠠᠰᠢ︾ ᠪᠤᠯ ᠭᠤᠯᠭᠤᠵᠤ ᠭᠤᠭᠤᠵᠢᠳᠠᠭ ᠪᠦᠭᠡᠳ ᠪᠠᠷᠢᠭᠳᠠᠳᠠᠭ ᠦᠭᠡᠢ ᠲᠡᠶᠢᠮᠦ ᠨᠢᠭᠡ ᠭᠤᠯᠭᠤᠮᠠᠳᠠᠭᠠᠢ ᠶᠠᠭᠤᠮ᠎ᠠ ᠶᠢ ᠵᠢᠭᠠᠳᠠᠭ᠃ ᠲᠤᠰ ᠬᠤᠶᠠᠷ ᠦᠭᠡ ᠶᠠᠭᠤᠮ᠎ᠠ ᠪᠤᠳᠠᠰ ᠤᠨ ᠰᠢᠨᠵᠢ᠂ ᠤᠨᠴᠠᠯᠢᠭ ᠢ ᠪᠠᠷᠢᠵᠤ ᠮᠠᠰᠢ ᠰᠠᠶᠢᠨ ᠤᠨᠤᠭᠠᠵᠤ ᠨᠡᠷᠡᠯᠡᠭᠰᠡᠨ᠂ ᠠᠮᠢᠳᠤᠷᠠᠯ ᠦᠢᠯᠡᠳᠪᠦᠷᠢᠯᠡᠯ ᠠᠴᠠ ᠠᠶᠠᠨᠳᠠᠭᠠᠨ ᠤᠷᠭᠤᠭᠰᠠᠨ ᠨᠡᠷᠡᠶᠢᠳᠦᠯ ᠪᠤᠯᠤᠨ᠎ᠠ ᠭᠡᠵᠦ ᠲᠠᠶᠢᠯᠪᠤᠷᠢᠯᠠᠵᠤ ᠪᠤᠢ᠃ ᠪᠠᠰᠠ ᠮᠠᠨ ᠤ ᠭᠡᠷ ᠵᠠᠭᠤᠷ᠎ᠠ ᠦᠷᠭᠦᠯᠵᠢ ᠬᠡᠷᠡᠭᠯᠡᠳᠡᠭ 灯泡 ᠢ ︽ᠰᠦᠰᠦᠨ ᠳ᠋ᠧᠩ︾ ᠭᠡᠵᠦ ᠬᠡᠯᠡᠵᠦ ᠪᠠᠶᠢᠭ᠎ᠠ ᠨᠢ ᠰᠤᠨᠤᠰᠲᠠᠨ᠎ᠠ᠂ ᠮᠦᠨ ᠴᠦ ᠰᠤᠨᠢᠷᠬᠠᠯᠲᠠᠢ᠃        ᠠᠳᠠᠯᠢ ᠪᠤᠰᠤ ᠬᠡᠯᠡ ᠪᠤᠯ ᠠᠳᠠᠯᠢ ᠪᠤᠰᠤ ᠰᠢᠰᠲ᠋ᠧᠮᠲᠦ ᠴᠤᠭᠴᠠ ᠮᠦᠨ᠃ ᠦᠭᠡᠷ᠎ᠡ ᠪᠠᠷ ᠬᠡᠯᠡᠪᠡᠯ᠂ ᠬᠡᠯᠡ ᠪᠤᠯᠭᠠᠨ ᠦᠪᠡᠷ ᠤᠨ ᠲᠤᠭᠲᠠᠭᠰᠠᠨ ᠦᠪᠡᠷᠮᠢᠴᠡ ᠤᠨᠴᠠᠯᠢᠭ ᠲᠠᠢ᠂ ᠲᠤᠲᠤᠭᠠᠳᠤ ᠪᠦᠲᠦᠴᠡ ᠲᠠᠢ᠂ ᠰᠢᠰᠲ᠋ᠧᠮ ᠲᠤᠭᠲᠠᠯᠴᠠᠭ᠎ᠠ ᠲᠠᠢ ᠪᠠᠶᠢᠳᠠᠭ᠃ ᠡᠨᠡ ᠨᠢ ᠬᠡᠯᠡᠨ ᠤ ᠦᠨᠳᠦᠰᠦᠲᠡᠨ ᠤ ᠤᠨᠴᠠᠯᠢᠭ ᠤᠨ ᠬᠦᠷᠦᠰᠦ ᠰᠢᠮ᠎ᠡ ᠨᠢ ᠪᠤᠯᠵᠤ ᠪᠠᠶᠢᠳᠠᠭ᠃ ᠵᠢᠱᠢᠶᠡᠯᠡᠪᠡᠯ᠄ 宰相肚子里能撑船、一箭双雕、种瓜得瓜种豆得豆、情人眼里出西施 ᠵᠡᠷᠭᠡ ᠶᠢ ᠮᠢᠬᠠᠴᠢᠯᠠᠨ ᠤᠷᠴᠢᠭᠤᠯᠪᠠᠯ ᠦᠭᠡᠬᠦ ᠴᠦ ᠪᠢᠰᠢ ᠪᠤᠯᠴᠢᠷᠬᠠᠢ ᠴᠦ ᠪᠢᠰᠢ᠂ ᠤᠶᠢᠯᠠᠭᠠᠭᠳᠠᠰᠢ ᠦᠭᠡᠢ ᠶᠠᠭᠤᠮ᠎ᠠ ᠪᠤᠯᠴᠢᠬᠠᠨ᠎ᠠ᠃ ᠪᠢᠳᠡ ᠵᠠᠪᠠᠯ ᠮᠤᠩᠭᠤᠯ ᠬᠡᠯᠡᠨ ᠤ ᠪᠤᠳᠠᠲᠤ ᠪᠠᠶᠢᠳᠠᠯ ᠳᠤ ᠵᠤᠬᠢᠴᠠᠭᠤᠯᠵᠤ᠂ ᠦᠨᠳᠦᠰᠦᠲᠡᠨ ᠤ ᠤᠨᠴᠠᠯᠢᠭ ᠲᠤ ᠨᠡᠶᠢᠴᠡᠭᠦᠯᠵᠦ᠂ ︽ᠡᠷ᠎ᠡ ᠬᠦᠮᠦᠨ ᠤ ᠴᠡᠭᠡᠵᠢᠨ ᠳᠤ ᠡᠮᠡᠭᠡᠯ ᠬᠠᠵᠠᠭᠠᠷ ᠲᠠᠢ ᠮᠤᠷᠢ ᠪᠠᠭᠲᠠᠨ᠎ᠠ︾᠂ ︽ᠨᠢᠭᠡ ᠬᠤᠷᠤᠭᠤ ᠪᠠᠷ ᠬᠤᠶᠠᠷ ᠨᠤᠬᠠᠢ ᠶᠢᠨ ᠪᠦᠭᠡᠰᠦ ᠶᠢ ᠳᠠᠷᠤᠬᠤ︾᠂ ︽ᠬᠡᠭᠡᠷ᠎ᠡ ᠠᠯᠠᠭ ᠠᠴᠠ ᠰᠢᠭᠢᠷ᠎ᠠ ᠠᠯᠠᠭ᠂ ᠬᠡᠯᠲᠡᠩ ᠭᠡᠭᠦᠦ ᠠᠴᠠ ᠱᠤᠪᠲᠤᠩ ᠤᠨᠠᠭ᠎ᠠ︾᠂ ︽ᠲᠤᠭᠤᠴᠢᠬᠠᠪᠠᠯ ᠲᠤᠤᠮᠠᠢ ᠪᠤᠯᠪᠠᠴᠤ ᠰᠠᠶᠢᠬᠠᠨ︾ ᠭᠡᠮᠡᠨ ᠤᠷᠴᠢᠭᠤᠯᠪᠠᠯ ᠮᠤᠩᠭᠤᠯ ᠬᠡᠯᠡᠯᠭᠡ ᠶᠢᠨ ᠵᠠᠩᠰᠢᠯ ᠳᠤ ᠵᠤᠬᠢᠴᠠᠵᠤ᠂ ᠰᠡᠳᠬᠢᠯ ᠳᠤ ᠤᠷᠭᠤᠵᠤ ᠴᠡᠭᠡᠵᠢᠨ ᠳᠤ ᠬᠤᠨᠤᠭᠰᠢᠵᠤ ᠮᠠᠷᠲᠠᠭᠳᠠᠰᠢ ᠦᠭᠡᠢ ᠰᠠᠭᠤᠭᠳᠠᠯ ᠦᠭᠳᠡᠭ᠃ ᠠᠳᠠᠯᠢ ᠪᠤᠰᠤ ᠦᠭᠡᠨ ᠳᠤ ᠲᠤᠬᠠᠢ ᠶᠢᠨ ᠦᠨᠳᠦᠰᠦᠲᠡᠨ ᠤ ᠤᠨᠴᠠᠯᠢᠭ ᠰᠢᠨᠵᠢ ᠬᠠᠳᠠᠭᠠᠯᠠᠭᠳᠠᠵᠤ ᠪᠠᠶᠢᠭ᠎ᠠ ᠪᠤᠯᠬᠤᠷ ᠢᠷᠠᠭᠤ ᠭᠤᠶᠢᠳᠠ ᠤᠨᠤᠭᠠᠵᠤ ᠤᠷᠴᠢᠭᠤᠯᠬᠤ ᠨᠢ ᠤᠷ᠎ᠠ ᠮᠡᠷᠭᠡᠰᠢᠯ᠂ ᠮᠡᠳᠡᠯᠭᠡ ᠴᠢᠳᠠᠪᠤᠷᠢ ᠲᠠᠢ ᠰᠢᠭᠤᠳ ᠬᠤᠯᠪᠤᠭᠳᠠᠨ᠎ᠠ᠃ᠵᠡᠭᠦᠯᠲᠡ᠄        ① ᠨᠠᠮᠼᠠᠷᠠᠢ᠄ ︽ᠮᠤᠩᠭᠤᠯ ᠬᠡᠯᠡᠨ ᠤ ᠰᠢᠨ᠎ᠡ ᠨᠡᠷ᠎ᠡ ᠲᠤᠮᠢᠶ᠎ᠠ ᠶᠢ ᠬᠡᠷᠬᠢᠨ ᠰᠢᠢᠳᠪᠦᠷᠢᠯᠡᠬᠦ ᠵᠠᠷᠴᠢᠮ ᠤᠨ ᠲᠤᠬᠠᠢ︾᠂ ︽ᠮᠤᠩᠭᠤᠯ ᠨᠡᠷ᠎ᠡ ᠲᠤᠮᠢᠶᠠᠨ ᠤ ᠦᠭᠦᠯᠡᠯ ᠤᠳ︾ ︵ᠨᠢᠭᠡᠳᠦᠭᠡᠷ ᠡᠮᠬᠢᠳᠬᠡᠯ︶᠂ ᠦᠪᠦᠷ ᠮᠤᠩᠭᠤᠯ ᠤᠨ ᠰᠤᠷᠭᠠᠨ ᠬᠦᠮᠦᠵᠢᠯ ᠤᠨ ᠬᠡᠪᠯᠡᠯ ᠤᠨ ᠬᠤᠷᠢᠶ᠎ᠠ᠂ 1991 ᠤᠨ᠃        ② ᠷᠢᠨᠰᠠᠶᠢᠮ᠎ᠠ᠄ ︽ᠲᠤᠯᠢ ᠪᠢᠴᠢᠭ ᠬᠢᠭᠡᠳ ᠨᠡᠷ᠎ᠡ ᠲᠤᠮᠢᠶᠠᠨ ᠤ ᠦᠭᠦᠯᠡᠯ ᠤᠳ︾᠂ ︽ᠮᠤᠩᠭᠤᠯ ᠨᠡᠷ᠎ᠡ ᠲᠤᠮᠢᠶᠠᠨ ᠤ ᠦᠭᠦᠯᠡᠯ ᠤᠳ︾ ︵ᠨᠢᠭᠡᠳᠦᠭᠡᠷ ᠡᠮᠬᠢᠳᠬᠡᠯ︶᠂ ᠦᠪᠦᠷ ᠮᠤᠩᠭᠤᠯ ᠤᠨ ᠰᠤᠷᠭᠠᠨ ᠬᠦᠮᠦᠵᠢᠯ ᠤᠨ ᠬᠡᠪᠯᠡᠯ ᠤᠨ ᠬᠤᠷᠢᠶ᠎ᠠ᠂ 1991 ᠤᠨ᠃        ③ ᠳᠡᠯᠭᠡᠷ᠄ ︽ᠮᠤᠩᠭᠤᠯ ᠬᠡᠯᠡᠨ ᠤ ᠰᠢᠨᠵᠢᠯᠡᠬᠦ ᠤᠬᠠᠭᠠᠨ ᠮᠡᠷᠭᠡᠵᠢᠯ ᠤᠨ ᠨᠡᠷ᠎ᠡ ᠲᠤᠮᠢᠶ᠎ᠠ ᠶᠢ ᠴᠡᠭᠴᠡᠯᠡᠨ ᠡᠮᠬᠢᠯᠡᠬᠦ ᠲᠤᠬᠠᠢ ᠲᠤᠷᠰᠢᠨ ᠦᠭᠦᠯᠡᠬᠦ ᠨᠢ︾᠂ ︽ᠮᠤᠩᠭᠤᠯ ᠨᠡᠷ᠎ᠡ ᠲᠤᠮᠢᠶᠠᠨ ᠤ ᠦᠭᠦᠯᠡᠯ ᠤᠳ︾ ︵ᠨᠢᠭᠡᠳᠦᠭᠡᠷ ᠡᠮᠬᠢᠳᠬᠡᠯ︶᠂ ᠦᠪᠦᠷ ᠮᠤᠩᠭᠤᠯ ᠤᠨ ᠰᠤᠷᠭᠠᠨ ᠬᠦᠮᠦᠵᠢᠯ ᠤᠨ ᠬᠡᠪᠯᠡᠯ ᠤᠨ ᠬᠤᠷᠢᠶ᠎ᠠ᠂ 1991 ᠤᠨ᠃        ④ ᠼ᠊᠂ ᠨᠤᠷᠵᠢᠨ᠄ ︽ᠳᠠᠭᠠᠪᠤᠷᠢ ᠵᠠᠯᠭᠠᠵᠤ ᠨᠡᠷ᠎ᠡ ᠲᠤᠮᠢᠶ᠎ᠠ ᠪᠦᠲᠦᠭᠡᠵᠦ ᠪᠠᠶᠢᠭ᠎ᠠ ᠪᠠᠶᠢᠳᠠᠯ ᠠᠴᠠ︾᠂ ︽ᠮᠤᠩᠭᠤᠯ ᠨᠡᠷ᠎ᠡ ᠲᠤᠮᠢᠶᠠᠨ ᠤ ᠦᠭᠦᠯᠡᠯ ᠤᠳ︾ ︵ᠬᠤᠶᠠᠳᠤᠭᠠᠷ ᠡᠮᠬᠢᠳᠬᠡᠯ︶᠂ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ᠂ 1999 ᠤᠨ᠃        ⑤ ᠰᠢ ᠽᠢ ᠶᠦᠨ᠂ ᠬᠠᠨ ᠬᠠᠢ ᠱᠠᠨ᠄ ︽ᠡᠸᠦ᠋ᠷᠦᠫᠡ ᠠᠨᠠᠭᠠᠬᠤ ᠤᠬᠠᠭᠠᠨ ᠤ ᠨᠡᠷᠡᠰ ᠢ ᠮᠤᠩᠭᠤᠯᠴᠢᠯᠠᠬᠤ ᠲᠤᠬᠠᠢ ᠤᠶᠢᠯᠠᠭᠠᠯᠲᠠ︾᠂ ︽ᠮᠤᠩᠭᠤᠯ ᠨᠡᠷ᠎ᠡ ᠲᠤᠮᠢᠶᠠᠨ ᠤ ᠦᠭᠦᠯᠡᠯ ᠤᠳ︾ ︵ᠨᠢᠭᠡᠳᠦᠭᠡᠷ ᠡᠮᠬᠢᠳᠬᠡᠯ︶᠂ ᠦᠪᠦᠷ ᠮᠤᠩᠭᠤᠯ ᠤᠨ ᠰᠤᠷᠭᠠᠨ ᠬᠦᠮᠦᠵᠢᠯ ᠤᠨ ᠬᠡᠪᠯᠡᠯ ᠤᠨ ᠬᠤᠷᠢᠶ᠎ᠠ᠂ 1991 ᠤᠨ᠃        ⑥ ᠼ᠊᠂ ᠨᠤᠷᠵᠢᠨ ᠨᠠᠷ᠄ ︽ᠮᠤᠩᠭᠤᠯ ᠬᠡᠯᠡᠨ ᠤ ᠲᠤᠯᠢ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1997 ᠤᠨ᠂ 853 ᠳ᠋ᠤᠭᠠᠷ ᠨᠢᠭᠤᠷ᠃            ︽ᠮᠤᠩᠭᠤᠯ ᠬᠡᠯᠡ ᠪᠢᠴᠢᠭ︾ ᠰᠡᠳᠬᠦᠯ ᠤᠨ 2018 ᠤᠨ ᠤ 3 ᠳ᠋ᠤᠭᠠᠷ ᠬᠤᠭᠤᠴᠠᠭᠠᠨ ᠤ ᠤᠷᠴᠢᠭᠤᠯᠭ᠎ᠠ ᠰᠤᠳᠤᠯᠤᠯ ᠪᠤᠯᠤᠩ ᠠᠴᠠ
 
ᠢᠷᠡᠯᠲᠡ᠄ ︽ᠮᠤᠩᠭᠤᠯ ᠬᠡᠯᠡ ᠪᠢᠴᠢᠭ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号