| ᠬᠦᠬᠡᠬᠤᠲᠠ ᠪᠤᠯ ᠮᠠᠨ ᠤ ᠤᠷᠤᠨ ᠤ ᠵᠠᠰᠠᠭ ᠵᠠᠬᠢᠷᠭᠠᠨ ᠤ ᠰᠠᠭᠤᠭ᠎ᠠ ᠭᠠᠵᠠᠷ ᠮᠦᠨ᠃ ᠮᠦᠨᠴᠦ ᠮᠠᠨ ᠤ | ᠤᠷᠤᠨ ᠤ ᠤᠯᠤᠰ ᠲᠦᠷᠦ᠂ ᠠᠵᠤ ᠠᠬᠤᠢ᠂ ᠰᠤᠶᠤᠯ ᠪᠠ ᠵᠠᠮ ᠬᠠᠷᠢᠯᠴᠠᠭᠠᠨ ᠤ ᠲᠦᠪ ᠪᠤᠯᠤᠨ᠎ᠠ᠃ ᠪᠦᠬᠦ | ᠬᠤᠲᠠ ᠶᠢᠨ ᠶᠡᠷᠦᠩᠬᠡᠢ ᠲᠠᠯᠠᠪᠠᠢ ᠨᠢ 1.7 ᠲᠦᠮᠡᠨ ᠲᠡᠭᠰᠢ ᠳᠦᠷᠪᠡᠯᠵᠢᠨ ᠺᠢᠯᠦᠮᠧᠲᠷ᠂ ᠶᠡᠷᠦᠩᠬᠡᠢ ᠬᠦᠮᠦᠨ ᠠᠮᠠ | ᠨᠢ 210 ᠭᠠᠷᠤᠢ ᠲᠦᠮᠡ ᠪᠠᠶᠢᠨ᠎ᠠ᠃ | | ᠬᠦᠬᠡᠬᠤᠲᠠ ᠶᠢ ᠠᠩᠬ᠎ᠠ ᠡᠬᠢᠯᠡᠨ ᠴᠤᠭᠴᠠᠯᠠᠨ ᠪᠠᠶᠢᠭᠤᠯᠤᠭᠰᠠᠨ ᠬᠦᠮᠦᠨ ᠪᠤᠯ ᠲᠦᠮᠡᠳ ᠤᠨ ᠠᠯᠲᠠᠨ ᠬᠠᠨ | ᠪᠤᠯᠤᠨ᠎ᠠ᠃ ᠠᠯᠲᠠᠨ ᠬᠠᠨ 1508 ᠤᠨ ᠳᠤ ᠮᠡᠨᠳᠦᠯᠡᠵᠦ᠂ 1582 ᠤᠨ ᠳᠤ ᠳᠠᠯᠠᠨ ᠳᠦᠷᠪᠡᠲᠡᠢ ᠨᠠᠰᠤ ᠪᠠᠷᠠᠪᠠ᠃ | ᠲᠡᠷᠡ ᠪᠤᠯ ᠪᠠᠲᠤᠮᠦ᠋ᠩᠬᠡ ᠲᠠᠶᠠᠨ ᠬᠠᠭᠠᠨ ᠤ ᠭᠤᠷᠪᠠᠳᠤᠭᠠᠷ ᠬᠦᠪᠡᠭᠦᠨ ᠪᠠᠷᠰᠪᠤᠯᠤᠳ ᠤᠨ ᠬᠤᠶᠠᠳᠤᠭᠠᠷ ᠬᠦᠦ | ᠪᠤᠯᠤᠨ᠎ᠠ᠃ ᠲᠡᠷᠡ 1546 ᠤᠨ ᠳᠤ ᠤᠳᠤ ᠶᠢᠨ ᠬᠦᠬᠡᠬᠤᠲᠠ ᠶᠢ ᠡᠬᠢᠯᠡᠨ ᠪᠠᠶᠢᠭᠤᠯᠪᠠ᠃ ᠲᠤᠬᠠᠢ ᠶᠢᠨ | ᠦᠶ᠎ᠡ ᠳᠡᠭᠡᠨ ︽ᠶᠡᠭᠡ ᠪᠠᠶᠢᠰᠢᠩ︾ ᠭᠡᠮᠡᠨ ᠨᠡᠷᠡᠶᠢᠳᠴᠦ ᠪᠠᠶᠢᠭᠰᠠᠨ ᠢᠶᠠᠨ 1575 ᠤᠨ ᠳᠤ ᠠᠯᠲᠠᠨ ᠬᠠᠨ ᠤ | ᠭᠤᠶᠤᠴᠢᠯᠠᠭ᠎ᠠ ᠪᠠᠷ ᠮᠢᠩ ᠤᠯᠤᠰ ᠠᠴᠠ ︽ᠶᠡᠭᠡ ᠪᠠᠶᠢᠰᠢᠩ︾ ᠤᠷᠳᠤᠨ ᠳᠤ ︽ᠭᠦᠢ ᠬᠤᠸᠠ ᠬᠤᠲᠠ︾ ᠭᠡᠰᠡᠨ | ᠨᠡᠷ᠎ᠡ ᠦᠭᠴᠡᠢ᠃ ᠠᠷᠪᠠ ᠶᠢᠰᠦᠳᠦᠭᠡᠷ ᠵᠠᠭᠤᠨ ᠠᠴᠠ ᠡᠬᠢᠯᠡᠨ ᠬᠦᠬᠡᠬᠤᠲᠠ ᠭᠡᠵᠦ ᠨᠡᠷᠡᠶᠢᠳᠦᠨ 1954 ᠤᠨ ᠳᠤ | ᠵᠢᠩᠬᠢᠨᠢ ᠪᠠᠷ ᠦᠪᠡᠷᠲᠡᠭᠡᠨ ᠵᠠᠰᠠᠬᠤ ᠤᠷᠤᠨ ᠤ ᠲᠦᠪ ᠢᠶᠠᠷ ᠲᠤᠭᠲᠠᠭᠠᠪᠠ᠃ | | ᠬᠦᠬᠡᠬᠤᠲᠠ ᠪᠤᠯ ᠮᠠᠨ ᠤ ᠤᠷᠤᠨ ᠤ ᠰᠤᠷᠭᠠᠨ ᠬᠦᠮᠦᠵᠢᠯ ᠤᠨ ᠬᠦᠢᠰᠦ ᠭᠠᠵᠠᠷ ᠪᠢᠯᠡ᠃ ᠠᠳᠡ ᠮᠠᠨ ᠤ | ᠤᠷᠤᠨ ᠤ ᠬᠡᠳᠦᠨ ᠶᠡᠭᠡ ᠭᠤᠤᠯᠳᠠᠯᠭᠠᠲᠤ ᠶᠡᠭᠡ ᠰᠤᠷᠭᠠᠭᠤᠯᠢ ᠪᠠ ᠦᠨᠢ ᠤᠳᠠᠭᠠᠨ ᠲᠡᠦᠬᠡ ᠲᠠᠢ ᠠᠯᠳᠠᠷ ᠶᠡᠬᠡᠲᠡᠢ | ᠳᠤᠮᠳᠠᠳᠤ ᠪᠠᠭ᠎ᠠ ᠰᠤᠷᠭᠠᠭᠤᠯᠢ ᠨᠤᠭᠤᠳ ᠪᠤᠢ᠃ ᠬᠦᠬᠡᠬᠤᠲᠠ ᠳᠤ ᠱᠠᠰᠢᠨ ᠰᠢᠲᠦᠯᠭᠡ᠂ ᠰᠦᠮ᠎ᠡ ᠬᠡᠶᠢᠳ᠂ | ᠬᠠᠭᠤᠴᠢ ᠪᠠᠭᠤᠷᠢ ᠡᠯᠪᠡᠭ ᠪᠠᠶᠢᠳᠠᠭ ᠶᠤᠮ᠃ ᠬᠦᠬᠡᠬᠤᠲᠠ ᠳᠤ ᠶᠡᠭᠡ ᠵᠤᠤ ᠰᠦᠮ᠎ᠡ᠂ ᠪᠠᠭ᠎ᠠ ᠵᠤᠤ ᠰᠦᠮ᠎ᠡ᠂ | ᠰᠢᠷᠡᠭᠡᠲᠦ ᠰᠦᠮ᠎ᠡ᠂ ᠲᠦᠮᠡᠨ ᠪᠤᠳᠢ ᠴᠡᠴᠡᠭ ᠤᠨ ᠴᠢᠮᠡᠭᠲᠦ ᠰᠤᠳᠤᠷ ᠤᠨ ᠰᠤᠪᠤᠷᠭ᠎ᠠ᠂ ᠸᠴᠢᠷᠪᠠᠨᠢ ᠶᠢᠨ ᠰᠠᠭᠤᠳᠠᠯᠲᠤ | ᠱᠠᠷᠢᠯ ᠤᠨ ᠡᠷᠳᠡᠨᠢᠲᠦ ᠰᠤᠪᠤᠷᠭ᠎ᠠ᠂ ᠲᠠᠪᠤᠨ ᠰᠤᠪᠤᠷᠭ᠎ᠠ ᠵᠡᠷᠭᠡ ᠤᠯᠠᠨ ᠠᠷᠪᠢᠨ ᠱᠠᠰᠢᠨ ᠰᠢᠲᠦᠯᠭᠡ ᠶᠢᠨ ᠦᠢᠯᠡ | ᠪᠦᠬᠦᠢ ᠪᠠᠷᠢᠯᠭ᠎ᠠ ᠪᠤᠢ᠃ ᠠᠳᠡ ᠪᠠᠰᠠ ᠳ᠋ᠠ ᠶᠤᠤ ᠰᠤᠶᠤᠯ ᠤᠨ ᠬᠠᠭᠤᠴᠢᠳ᠂ ᠵᠤᠤ ᠵᠢᠶᠦ᠋ᠨ ᠤ ᠤᠩᠭᠤᠨ ᠵᠡᠷᠭᠡ | ᠲᠡᠦᠬᠡ ᠳᠤᠷᠠᠰᠬᠠᠯ ᠤᠨ ᠵᠢᠭᠤᠯᠴᠢᠯᠠᠯ ᠤᠨ ᠤᠷᠤᠨ ᠪᠤᠢ᠃ ᠬᠦᠬᠡᠬᠤᠲᠠ ᠪᠤᠯ ᠬᠦᠴᠦᠷᠬᠡᠭ ᠠᠵᠤ ᠠᠬᠤᠶᠢᠯᠠᠯ ᠤᠳ | ᠬᠤᠷ᠎ᠠ ᠶᠢᠨ ᠳᠠᠷᠠᠭᠠᠬᠢ ᠬᠤᠯᠤᠰᠤᠨ ᠰᠦᠶ᠎ᠡ ᠰᠢᠭ ᠰᠤᠭᠤᠷᠠᠨ ᠪᠤᠰᠤᠭᠰᠠᠨ ᠬᠦᠭᠵᠢᠶᠡᠨᠲᠦ ᠬᠤᠲᠠ ᠶᠤᠮ᠃ ᠨᠡᠭᠦᠳᠡᠯ | ᠮᠠᠯᠵᠢᠯ ᠤᠨ ᠰᠤᠶᠤᠯ ᠤᠨ ᠦᠪ ᠲᠠᠢ ᠬᠦᠬᠡᠬᠤᠲᠠ ᠨᠢ 2005 ᠤᠨ ᠳᠤ ᠳᠤᠮᠳᠠᠳᠤ ᠤᠯᠤᠰ ᠤᠨ ᠴᠠᠭᠠᠨ | ᠢᠳᠡᠭᠡᠨ ᠤ ᠠᠵᠤ ᠦᠢᠯᠡᠳᠪᠦᠷᠢ ᠶᠢᠨ ᠨᠡᠶᠢᠭᠡᠮᠯᠢᠭ᠂ ᠳᠤᠮᠳᠠᠳᠤ ᠤᠯᠤᠰ ᠤᠨ ᠰᠠᠭᠠᠯᠢ ᠶᠢᠨ ᠦᠢᠯᠡᠰ ᠤᠨ | ᠨᠡᠶᠢᠭᠡᠮᠯᠢᠭ ᠤᠨ ᠰᠤᠶᠤᠷᠬᠠᠭᠰᠠᠨ ︽ᠳᠤᠮᠳᠠᠳᠤ ᠤᠯᠤᠰ ᠤᠨ ᠰᠦ ᠶᠢᠨ ᠬᠤᠲᠠ︾ ᠭᠡᠰᠡᠨ ᠠᠯᠳᠠᠷ ᠢ ᠬᠦᠷᠲᠡᠭᠰᠡᠨ | ᠪᠢᠯᠡ᠃ | | ᠬᠦᠬᠡᠬᠤᠲᠠ ᠪᠠᠶᠢᠭᠤᠯᠤᠭᠳᠠᠭᠠᠳ 400 ᠢᠯᠡᠭᠦᠦ ᠵᠢᠯ ᠪᠤᠯᠴᠢᠬᠠᠯ᠎ᠠ᠃ ᠲᠦᠷᠦ ᠲᠦᠷᠦ ᠶᠢᠨ ᠠᠮᠢ ᠨᠠᠰᠤ | ᠨᠢ ᠲᠡᠦᠬᠡᠨ ᠬᠡᠷᠡᠭ ᠪᠤᠯᠵᠤ ᠡᠬᠡ ᠭᠠᠵᠠᠷ ᠲᠠᠭᠠᠨ ᠦᠨᠢᠲᠡ ᠰᠢᠩᠭᠡᠭᠰᠡᠨ ᠴᠦ ᠲᠦᠮᠡᠳ ᠤᠨ ᠲᠠᠯ᠎ᠠ ᠳᠤ ᠬᠦᠬᠡᠬᠤᠲᠠ | ᠲᠡᠭᠷᠢ ᠪᠠᠭᠠᠨᠠᠳᠠᠨ ᠡᠭᠦᠷᠢᠳᠡ ᠰᠦᠨᠳᠡᠷᠯᠡᠭᠰᠡᠭᠡᠷ ᠁ | |