ᠨᠢᠭᠡ ᠵᠢᠯ ᠳᠤ ᠬᠡᠷᠬᠢᠨ 100 ᠨᠤᠮ ᠤᠩᠰᠢᠬᠤ ᠪᠤᠢ︖
ᠨᠡᠶᠢᠲᠡᠯᠡᠭᠰᠡᠨ ᠴᠠᠭ᠄
2017-08-30
       ᠲᠠᠨ ᠤ ᠤᠩᠰᠢᠬᠤ ᠴᠢᠳᠠᠪᠤᠷᠢ ᠰᠡᠭᠦᠯ ᠤᠨ ᠵᠢᠯ ᠤᠳ ᠲᠤ ᠰᠠᠶᠢᠵᠢᠷᠠᠬᠰᠠᠨ ᠤᠤ︖ ᠲᠠ ᠡᠨᠡ ᠰᠢᠨ᠎ᠡ ᠤᠨ ᠤ ᠲᠦᠯᠦᠪᠯᠡᠭᠡᠨ ᠳᠡᠭᠡᠨ ᠢᠯᠡᠭᠦᠦ ᠠᠷᠪᠢᠨ ᠨᠤᠮ ᠤᠩᠰᠢᠬᠤ ᠲᠦᠯᠦᠪᠯᠡᠭᠡ ᠭᠠᠷᠭᠠᠬᠰᠠᠨ ᠤᠤ︖ ᠭᠡᠰᠡᠨ ᠴᠤ ᠲᠠ ᠬᠡᠷᠬᠢᠨ ᠰᠠᠶᠢᠨ ᠤᠩᠰᠢᠬᠴᠢ ᠪᠤᠯᠬᠤ ᠪᠠᠨ ᠮᠡᠳᠡᠭᠦ ᠦᠭᠡᠢ ᠪᠠᠶᠢᠨ᠎ᠠ ᠤᠤ︖        ᠶᠠᠭᠠᠬᠢᠭᠠᠳ ᠨᠢᠭᠡ ᠵᠢᠯ ᠳᠤ 100 ᠨᠤᠮ ᠭᠡᠵᠦ ᠤᠤ︖ ᠪᠢᠳᠡ ᠶᠡᠬᠡᠪᠴᠢᠯᠡᠨ ᠪᠤᠰᠤᠳ ᠤᠨ ᠲᠤᠷᠰᠢᠯᠭ᠎ᠠ ᠠᠴᠠ ᠰᠤᠷᠤᠯᠴᠠᠬᠤ ᠭᠡᠵᠦ ᠨᠤᠮ ᠤᠩᠰᠢᠳᠠᠬ᠃ ︽ᠲᠡᠨᠡᠭ ᠤᠳ ᠲᠤᠷᠰᠢᠯᠭ᠎ᠠ ᠠᠴᠠ ᠰᠤᠷᠤᠯᠴᠠᠳᠠᠬ᠂ ᠭᠡᠬᠦ ᠳᠡᠭᠡᠨ ᠪᠢ ᠪᠤᠰᠤᠳ ᠤᠨ ᠲᠤᠷᠰᠢᠯᠭ᠎ᠠ ᠠᠴᠠ ᠰᠤᠷᠤᠯᠴᠠᠬᠤ ᠶᠢ ᠢᠯᠡᠭᠦᠦ ᠳᠤ ᠦᠵᠡᠳᠡᠭ︾᠃ ᠦᠪᠡᠷ ᠢ ᠪᠠᠨ ᠬᠦᠭᠵᠢᠭᠦᠯᠬᠦ ᠳᠤ᠂ ᠦᠪᠡᠷ ᠢ ᠪᠠᠨ ᠲᠠᠨᠢᠬᠤ ᠳᠤ ᠲᠠᠨ ᠳᠤ ᠨᠤᠮ ᠲᠤᠰᠠᠯᠠᠨ᠎ᠠ᠂ ᠬᠠᠷᠢᠨ ᠬᠡᠷᠬᠢᠨ ᠦᠷ᠎ᠡ ᠳ᠋ᠦ᠋ᠩ ᠲᠠᠢ ᠨᠤᠮ ᠤᠩᠰᠢᠬᠤ ᠳᠤ ᠪᠢᠳᠡ ᠲᠠᠨ ᠳᠤ ᠵᠦᠪᠯᠡᠶ᠎ᠡ᠃        ᠨᠢᠭᠡ᠂ ᠤᠯᠠᠨ ᠢᠶᠠᠷ ᠨᠢ ᠠᠪ        ᠭᠧᠷᠮᠡᠨ ᠤ ᠰᠡᠷᠭᠦᠨ ᠮᠠᠨᠳᠤᠯᠳᠠ ᠶᠢᠨ ᠦᠶ᠎ᠡ ᠶᠢᠨ ᠤᠬᠠᠬᠳᠠᠬᠤᠨ ᠡᠷᠮᠡᠰᠤᠰ ︽ᠪᠢ ᠪᠠᠭ᠎ᠠ ᠮᠦᠩᠬᠦ ᠲᠠᠢ ᠯᠡ ᠪᠤᠯ ᠨᠤᠮ ᠠᠪᠳᠠᠬ᠃ ᠬᠡᠷᠪᠡ ᠮᠦᠩᠭᠦ ᠦᠯᠡᠳᠡᠪᠡᠯ ᠪᠢ ᠬᠤᠪᠴᠠᠰᠤ ᠪᠤᠯᠤᠨ ᠬᠤᠭᠤᠯᠠ ᠠᠪᠳᠠᠬ︾ ᠭᠡᠵᠦ ᠬᠡᠯᠡᠵᠡᠢ᠂ ᠰᠠᠶᠢᠨ ᠨᠤᠮ ᠳᠤ ᠵᠠᠷᠤᠴᠠᠭᠤᠯᠤᠬᠰᠠᠨ ᠮᠦᠩᠭᠦ ᠪᠤᠯ ᠮᠠᠰᠢ ᠲᠤᠮᠤ ᠬᠦᠷᠦᠩᠭᠡ ᠤᠷᠤᠭᠤᠯᠤᠯᠲᠠ᠂ ᠪᠢᠳᠡ ᠨᠤᠮ ᠠᠪᠬᠤ ᠨᠢ ᠮᠦᠩᠭᠦᠨ ᠤ ᠭᠠᠷᠤᠵᠠ ᠭᠡᠳᠡᠭ ᠴᠤ ᠨᠤᠮ ᠤᠩᠰᠢᠬᠤ ᠦᠭᠡᠢ ᠪᠠᠶᠢᠬᠤ ᠨᠢ ᠯᠡ ᠵᠢᠩᠬᠢᠨᠢ ᠭᠠᠷᠤᠵᠠ᠂ ᠬᠤᠪᠴᠠᠰᠤ ᠭᠤᠲᠤᠯ ᠳᠤᠷ᠎ᠠ ᠪᠠᠷ ᠢᠶᠠᠨ ᠠᠪᠴᠤ ᠡᠮᠦᠰᠳᠡᠭ ᠭᠢᠷᠢᠨ ᠢᠶᠠᠨ ᠨᠤᠮ ᠠᠪᠬᠤ ᠠᠴᠠ ᠨᠠᠷᠢᠯᠠᠵᠦ ᠪᠠᠶᠢᠪᠠᠯ ᠲᠡᠷᠡ ᠤᠳᠬ᠎ᠠ ᠦᠭᠡᠢ ᠬᠡᠷᠡᠭ᠃ ᠲᠠ ᠤᠯᠠᠨ ᠨᠤᠮ ᠲᠠᠢ ᠪᠠᠶᠢᠬᠤ ᠲᠤᠰᠤᠮ ᠢᠶᠠᠨ ᠰᠢᠯᠢᠵᠦ ᠰᠤᠩᠭᠤᠬᠤ ᠤᠩᠰᠢᠬᠤ ᠪᠤᠯᠤᠮᠵᠢ ᠲᠠᠢ ᠪᠤᠯᠤᠨ᠎ᠠ᠂ ᠪᠢᠳᠡᠨ ᠤ ᠤᠩᠰᠢᠬᠰᠠᠨ ᠶᠡᠬᠡᠩᠬᠢ ᠨᠤᠮ ᠤᠳ ᠲᠦᠯᠦᠪᠯᠡᠭᠳᠡᠭᠡ ᠦᠭᠡᠢ ᠪᠠᠶᠢᠳᠠᠬ᠂ ᠶᠡᠷᠦ ᠨᠢ ᠯᠡ ︽ᠪᠢ ᠡᠨᠡ ᠨᠤᠮ ᠢ 5 ᠳ᠋ᠤᠭᠠᠷ ᠰᠠᠷ᠎ᠠ ᠶᠢᠨ ᠡᠬᠢᠨ ᠤ ᠳᠤᠯᠤᠭ᠎ᠠ ᠬᠤᠨᠤᠬ ᠲᠤ ᠤᠩᠰᠢᠨ᠎ᠡ︾ ᠭᠡᠵᠦ ᠨᠤᠮ ᠠᠪᠳᠠᠬ ᠬᠦᠮᠦᠨ ᠴᠦᠭᠡᠭᠡᠨ ᠰᠢᠦ ᠳ᠋ᠠ᠃        ᠬᠤᠶᠠᠷ᠂ ᠦᠷᠭᠦᠯᠵᠢ ᠤᠩᠰᠢᠵᠦ ᠪᠠᠢ        ᠡᠳᠦᠷ ᠲᠤ ᠪᠢ ᠨᠢᠭᠡ ᠴᠠᠬ ᠢ ᠵᠠᠷᠤᠴᠠᠭᠤᠯᠵᠦ ᠨᠤᠮ ᠤᠩᠰᠢᠨ᠎ᠡ᠃ ᠦᠷᠯᠦᠭᠡ ᠪᠤᠰᠤᠭᠠᠳ ᠰᠢᠳᠤ ᠪᠠᠨ ᠤᠬᠢᠶᠠᠬᠤ ᠶᠤᠰᠤᠲᠠᠢ ᠭᠡᠳᠡᠭ ᠲᠠᠢ ᠠᠳᠠᠯᠢ ᠨᠤᠮ ᠤᠩᠰᠢᠬᠤ ᠶᠤᠰᠤᠲᠠᠢ ᠭᠡᠳ ᠯᠡ ᠪᠤᠳᠤᠴᠢᠬ᠎ᠠ᠂ ᠬᠠᠷᠢᠨ ᠵᠠᠪ ᠦᠭᠡᠢ᠂ ᠡᠰᠡᠪᠡᠯ ᠶᠠᠳᠠᠷᠠᠬᠰᠠᠨ ᠭᠡᠵᠦ ᠪᠢᠳᠡᠬᠡᠢ ᠰᠢᠯᠲᠠᠬ ᠲᠤᠭᠠᠴᠢᠭᠠᠷᠠᠢ᠂ ᠬᠦᠯᠢᠶᠡᠬᠦ ᠳᠡᠭᠡᠨ᠂ ᠮᠠᠰᠢᠨ ᠳᠤ ᠰᠠᠭᠤᠬᠤ ᠳᠠᠭᠠᠨ ᠪᠠᠶᠢᠩᠭᠤ ᠤᠩᠰᠢᠵᠦ ᠪᠠᠶᠢᠭᠠᠷᠠᠢ᠃ ᠬᠡᠷᠪᠡ ᠡᠳᠦᠷ ᠲᠤ ᠲᠠ ᠬᠡᠢ ᠬᠤᠭᠤᠰᠤᠨ ᠦᠩᠭᠡᠷᠡᠭᠦᠯᠳᠡᠭ ᠨᠢᠭᠡ ᠴᠠᠬ ᠢᠶᠠᠨ ᠤᠩᠰᠢᠬᠤ ᠳᠤ ᠵᠠᠷᠤᠴᠠᠭᠤᠯᠬᠤ ᠶᠤᠮ ᠪᠤᠯ ᠲᠠ ᠵᠢᠯ ᠳᠤ 100 ᠨᠤᠮ ᠬᠠᠨᠭ᠍ᠭᠠᠯᠲᠠ ᠲᠠᠢ ᠤᠩᠰᠢᠵᠦ ᠴᠢᠳᠠᠨ᠎ᠠ᠂ ᠳᠤᠮᠳᠠᠴᠢ ᠬᠤᠷᠲᠤ ᠲᠠᠢ ᠬᠦᠮᠦᠨ ᠨᠢᠭᠡ ᠴᠠᠬ ᠲᠤ 50 ᠬᠠᠭᠤᠳᠠᠰᠤ ᠤᠩᠰᠢᠳᠠᠬ᠂ ᠬᠡᠷᠪᠡ ᠳᠤᠯᠤᠭᠠᠨ ᠬᠤᠨᠤᠬ ᠲᠤ ᠲᠠ 10 ᠬᠠᠭᠤᠳᠠᠰᠤ ᠤᠩᠰᠢᠳᠠᠬ ᠭᠡᠵᠦ ᠲᠤᠭᠠᠴᠢᠪᠠᠯ ᠵᠢᠯ ᠳᠤ 26000 ᠬᠠᠭᠤᠳᠠᠰᠤ ᠤᠩᠰᠢᠨ᠎ᠡ᠂ ᠨᠢᠭᠡ ᠨᠤᠮ ᠳᠤᠮᠳᠠᠴᠢ ᠪᠠᠷ 250 ᠬᠠᠭᠤᠳᠠᠰᠤ ᠲᠠᠢ ᠭᠡᠪᠡᠯ ᠲᠠ ᠵᠢᠯ ᠳᠤ 104 ᠰᠢᠷᠭᠡᠭ ᠨᠤᠮ ᠤᠩᠰᠢᠨ᠎ᠡ ᠭᠡᠰᠡᠨ ᠦᠭᠡ᠃        ᠭᠤᠷᠪᠠ᠂ ᠬᠠᠮᠢᠶᠠᠷᠤᠯ ᠲᠠᠢ ᠵᠦᠢᠯ ᠢᠶᠠᠨ ᠯᠡ ᠤᠩᠰᠢ        ᠲᠠ ᠮᠠᠰᠢ ᠰᠠᠶᠢᠨ ᠭᠡᠵᠦ ᠪᠤᠰᠤᠳ ᠠᠴᠠ ᠰᠤᠨᠤᠰᠤᠨ ᠨᠤᠮ ᠠᠪᠤᠬᠰᠠᠨ ᠴᠤ ᠲᠠᠨ ᠳᠤ ᠤᠬᠲᠤ ᠲᠠᠭᠠᠯᠠᠬᠳᠠᠭ᠎ᠠ ᠦᠭᠡᠢ ᠨᠤᠮ ᠪᠠᠶᠢᠭ᠎ᠠ ᠤᠤ︖ ᠬᠡᠨ ᠪᠦᠬᠦᠨ ᠳᠤᠷᠠᠯᠠᠵᠦ ᠤᠩᠰᠢᠬᠰᠠᠨ ᠨᠤᠮ ᠨᠢ ᠲᠠᠭᠠᠯᠠᠬᠳᠠᠬᠤ ᠦᠭᠡᠢ ᠪᠠᠶᠢᠬᠤ ᠴᠦ ᠪᠤᠢ᠂ ᠲᠡᠭᠡᠬᠦ ᠪᠠᠷ ᠤᠯᠠᠨ ᠬᠦᠮᠦᠨ ᠤ ᠠᠮᠠᠨ ᠠᠴᠠ ᠰᠤᠨᠤᠰᠤᠬᠰᠠᠨ ᠨᠤᠮ ᠠᠴᠠ ᠢᠯᠡᠭᠦᠦ ᠲᠠᠢ ᠪᠠᠷ ᠦᠪᠡᠷ ᠲᠤ ᠴᠢᠨᠢ ᠡᠷᠴᠢ ᠬᠦᠴᠦᠨ ᠦᠭᠭᠦ᠋ᠢᠴᠡ ᠨᠤᠮ ᠢ ᠤᠩᠰᠢ᠂ ᠬᠦᠮᠦᠰ ᠨᠤᠮ ᠪᠢᠴᠢᠭᠡᠳ ᠪᠠᠷᠤᠬ 2000 ᠵᠢᠯ ᠦᠩᠭᠡᠷᠡᠭᠰᠡᠨ ᠲᠤᠯᠠ ᠲᠠᠨ ᠳᠤ ᠲᠠᠭᠠᠰᠢᠶᠠᠬᠳᠠᠬᠤ ᠨᠤᠮ ᠤᠯᠳᠠᠵᠦ ᠯᠡ ᠲᠠᠭᠠᠷᠠᠨ᠎ᠠ᠃        ᠳᠦᠷᠪᠡ᠂ ᠨᠢᠭᠡ ᠵᠡᠷᠭᠡ ᠤᠯᠠᠨ ᠨᠤᠮ ᠤᠩᠰᠢ        ᠨᠤᠮ ᠬᠠᠭᠤᠳᠠᠰᠤ ᠭᠡᠬᠦ ᠮᠠᠶᠢᠬ ᠢᠶᠠᠷ ᠤᠩᠰᠢ᠂ ᠤᠷᠤᠢ ᠳᠠᠭᠠᠨ ᠢᠯᠡᠭᠦᠦ ᠨᠠᠮᠲᠠᠷ᠂ ᠵᠤᠬᠢᠶᠠᠯ ᠤᠩᠰᠢ᠂ ᠬᠠᠷᠢᠨ ᠦᠷᠯᠦᠭᠡᠭᠦᠷ ᠤᠨᠤᠯ ᠤᠨ ᠮᠡᠷᠭᠡᠵᠢᠯ ᠤᠨ ᠨᠤᠮ ᠤᠩᠰᠢ᠃        ᠳᠠᠪᠤ᠂ ᠮᠡᠳᠡᠯᠭᠡ ᠪᠠᠨ ᠪᠠᠲᠤᠯᠠᠭᠠᠵᠢᠭᠤᠯ        ᠨᠤᠮ ᠤᠩᠰᠢᠬᠤ ᠳᠠᠭᠠᠨ ᠴᠢᠬᠤᠯᠠ ᠦᠭᠡ᠂ ᠬᠡᠰᠡᠭ ᠢ ᠲᠡᠮᠳᠡᠭᠯᠡᠵᠦ ᠠᠪ᠂ ᠲᠠᠨ ᠤ ᠰᠠᠨᠠᠯ ᠨᠢᠭᠡᠲᠦᠭᠰᠡᠨ᠂ ᠡᠷᠬᠢᠨ ᠰᠤᠳᠤᠯᠬᠤ ᠱᠠᠭᠠᠷᠳᠠᠯᠭ᠎ᠠ ᠲᠠᠢ ᠵᠦᠢᠯᠡᠰ ᠪᠤᠯᠤᠨ ᠡᠰᠢᠯᠡᠯ ᠢ ᠲᠠ ᠲᠡᠮᠳᠡᠭᠯᠡᠬᠦ ᠬᠡᠷᠡᠭᠲᠡᠢ᠂ ᠨᠤᠮ ᠤᠨ ᠳᠡᠮᠳᠡᠭᠯᠡᠯ ᠤᠨ ᠲᠡᠪᠳᠡᠷ ᠨᠡᠭᠡᠭᠡᠵᠦ ᠲᠤᠳᠤᠷᠠᠭᠤᠯᠤᠬᠰᠠᠨ ᠬᠡᠰᠡᠭ ᠤᠳ ᠢᠶᠠᠨ ᠪᠢᠴᠢᠨ ᠠᠪᠴᠤ᠂ ᠦᠪᠡᠷ ᠤᠨ ᠰᠠᠨᠨᠠᠯ ᠢᠶᠠᠨ ᠪᠢᠴᠢ᠂ ᠬᠠᠷᠢᠨ ᠳᠠᠷᠠᠭ᠎ᠠ ᠨᠢ ᠲᠠ ᠲᠡᠪᠳᠡᠷ ᠢᠶᠠᠨ ᠬᠠᠯᠢᠨ ᠬᠦᠶᠦᠯᠭᠡᠭᠡᠳ ᠬᠠᠷᠠᠬᠤ ᠳᠤ ᠯᠡ ᠤᠩᠰᠢᠬᠰᠠᠨ ᠨᠤᠮ ᠢᠶᠠᠨ ᠰᠠᠨᠠᠵᠦ ᠴᠢᠳᠠᠨ᠎ᠠ᠂ ᠢᠩᠭᠢᠭᠰᠡᠨ ᠢᠶᠠᠷ ᠳᠠᠩ ᠭᠠᠭᠴᠠ ᠤᠩᠰᠢᠭᠠᠳ ᠦᠩᠭᠡᠷᠡᠬᠦ ᠪᠢᠰᠢ ᠪᠤᠰᠤᠳ ᠲᠠᠢ ᠲᠤᠬᠠᠢ ᠶᠢᠨ ᠨᠤᠮ ᠠᠴᠠ ᠮᠡᠳᠡᠭᠰᠡᠨ ᠢᠶᠠᠨ ᠬᠤᠪᠢᠶᠠᠯᠴᠠᠬᠤ ᠪᠤᠯᠤᠮᠵᠢ ᠨᠡᠭᠡᠭᠡᠭᠳᠡᠵᠦ ᠪᠠᠶᠢᠭ᠎ᠠ ᠶᠤᠮ᠃ ᠤᠨ ᠤ ᠳ᠋ᠦᠩᠨᠠᠯᠲᠠ ᠬᠢᠬᠦ ᠳᠤ ᠪᠢᠳᠡᠨ ᠳᠤ 100 ᠨᠤᠮ ᠤᠩᠰᠢᠬᠤ ᠬᠠᠨᠭ᠍ᠭᠠᠯᠲᠠ ᠲᠠᠢ ᠤᠩᠰᠢᠬᠤ ᠪᠤᠯᠤᠮᠵᠢ᠂ ᠴᠠᠬ ᠪᠤᠢ᠂ ᠲᠠᠨ ᠳᠤ ᠠᠮᠵᠢᠯᠲᠠ ᠬᠦᠰᠡᠶ᠎ᠡ᠃ ᠨᠤᠮ ᠲᠠᠢ ᠮᠤᠩᠭᠤᠯ ᠪᠤᠯᠤᠶ᠎ᠠ᠂ ᠤᠶᠤᠨᠲᠤ ᠮᠤᠩᠭᠤᠯ ᠪᠤᠯᠤᠶ᠎ᠠ︕
 
ᠢᠷᠡᠯᠲᠡ᠄ ᠠᠯᠠᠱᠠ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号