ᠬᠡᠦᠬᠡᠳ ᠲᠠᠢ ᠪᠠᠨ ᠬᠠᠮᠲᠤ ᠬᠦᠮᠦᠵᠢᠨ ᠪᠤᠶᠢᠵᠢᠨ᠎ᠠ
ᠨᠡᠶᠢᠲᠡᠯᠡᠭᠰᠡᠨ ᠴᠠᠭ᠄
2017-07-26
       ᠬᠡᠦᠬᠡᠳ ᠪᠤᠯ ᠬᠦᠨᠳᠡᠭᠡ ᠦᠭᠡᠢ ᠴᠡᠪᠡᠷ ᠴᠠᠭᠠᠨ ᠴᠠᠭᠠᠰᠤ ᠪᠠᠶᠢᠵᠤ᠂ ᠬᠦᠰᠡᠯ ᠢᠷᠡᠭᠡᠳᠦᠢ ᠶᠢᠨ ᠲᠦᠰᠦᠪ ᠵᠢᠷᠤᠭ ᠢ ᠬᠡᠷᠬᠢᠵᠦ ᠵᠢᠷᠤᠬᠤ ᠨᠢ ᠭᠡᠷ ᠤᠨ ᠠᠬᠠᠮᠠᠳ ᠤᠨ ᠬᠢᠨᠢ ᠶᠠᠪᠤᠳᠠᠯ ᠭᠡᠵᠦ ᠬᠦᠮᠦᠰ ᠦᠵᠡᠭᠰᠡᠭᠡᠷ ᠢᠷᠡᠵᠡᠢ᠃ ︽ᠰᠤᠷᠭᠠᠯ ᠲᠠᠢ ᠭᠡᠷ ᠠᠴᠠ ᠰᠤᠷᠲᠠᠯ ᠲᠠᠢ ᠬᠡᠦᠬᠡᠳ︾ ᠭᠡᠳᠡᠭ ᠢᠶᠠᠷ ᠦᠨᠡᠨᠳᠡᠭᠡᠨ ᠭᠡᠷ ᠤᠨ ᠠᠬᠠᠮᠠᠳ ᠤᠨ ᠬᠢᠨᠢ ᠦᠵᠡᠯ ᠰᠠᠨᠠᠭ᠎ᠠ᠂ ᠦᠭᠡ ᠶᠠᠷᠢᠶ᠎ᠠ᠂ ᠦᠢᠯᠡ ᠠᠵᠢᠯᠯᠠᠭ᠎ᠠ᠂ ᠪᠤᠳᠤᠯ ᠰᠡᠳᠬᠢᠯ᠂ ᠪᠤᠯᠪᠠᠰᠤᠷᠠᠯ ᠬᠢᠴᠢᠶᠡᠯ᠂ ᠬᠦᠮᠦᠨ ᠴᠢᠨᠠᠷ ᠵᠤᠬᠢᠬᠤ ᠬᠡᠮᠵᠢᠶᠡᠨ ᠳᠡᠭᠡᠷ᠎ᠡ ᠬᠡᠦᠬᠡᠳ ᠤᠨ ᠪᠡᠶ᠎ᠡ ᠳᠡᠭᠡᠷ᠎ᠡ ᠢᠯᠡᠷᠡᠯ ᠢᠶᠠᠨ ᠤᠯᠳᠠᠭ᠃ ᠶᠠᠮᠠᠷᠴᠤ ᠰᠡᠷᠡᠭᠳᠡᠯ ᠦᠭᠡᠢ ᠶᠢᠨ ᠳᠤᠮᠳᠠ ᠬᠡᠦᠬᠡᠳ ᠢᠶᠠᠨ ᠪᠢᠳᠡ ᠨᠦᠯᠦᠭᠡᠯᠡᠵᠦ ᠰᠤᠷᠭᠠᠵᠤ ᠬᠤᠵᠢᠮ ᠬᠤᠶᠢᠰᠢᠲᠠ ᠶᠢᠨ ᠵᠠᠮ ᠮᠦᠷ ᠢ ᠨᠢ ᠵᠢᠭᠠᠵᠤ ᠵᠠᠬᠢᠵᠤ ᠪᠠᠶᠢᠳᠠᠭ ᠢᠶᠠᠨ ᠤᠶᠢᠯᠠᠭᠠᠵᠤ ᠬᠢᠴᠢᠶᠡᠯᠲᠡᠢ ᠪᠢᠯᠡ᠃        ᠤᠯᠠᠨ ᠤ ᠮᠡᠳᠡᠭᠡᠵᠢ ᠪᠠᠷ ᠤᠳᠤ ᠶᠢᠨ ᠤᠯᠠᠩᠬᠢ ᠭᠡᠷ ᠤᠨ ᠠᠬᠠᠮᠠᠳ ᠬᠡᠦᠬᠡᠳ ᠢᠶᠠᠨ ᠬᠦᠮᠦᠨ ᠪᠤᠯᠬᠤ ᠶᠢᠨ ᠠᠩᠬᠠᠨ ᠤ ᠭᠠᠷᠤᠭᠠᠨ ᠠᠴᠠ ᠨᠢ ᠦᠷᠦᠭᠡᠯ ᠪᠤᠰᠤᠳ ᠠᠴᠠ ᠤᠷᠢᠳᠠᠵᠤ ᠶᠠᠪᠤᠭᠤᠯᠤᠨ᠎ᠠ ᠭᠡᠮᠡᠨ ᠬᠢᠷᠢ ᠠᠴᠠ ᠨᠢ ᠬᠡᠲᠦᠷᠡᠭᠰᠡᠨ ᠬᠦᠨᠳᠦ ᠳᠠᠷᠤᠭᠠᠰᠤ ᠶᠢ ᠮᠦᠷᠦᠨ ᠳᠤᠨᠢ ᠲᠠᠯᠪᠢᠵᠤ᠂ ᠰᠡᠳᠬᠢᠯ ᠳᠤᠨᠢ ᠲᠤᠯᠭᠠᠨ᠎ᠠ᠃ ᠡᠨᠡ ᠲᠡᠷᠡ ᠡᠷᠳᠡᠮ ᠰᠤᠷᠭᠠᠵᠤ ᠴᠢᠳᠠᠪᠤᠷᠢᠲᠠᠨ ᠪᠤᠯᠭᠠᠨ᠎ᠠ ᠭᠡᠮᠡᠨ ᠡᠶᠢᠮᠦ ᠲᠡᠶᠢᠮᠦ ᠪᠤᠯᠪᠠᠰᠤᠷᠠᠯ ᠤᠨ ᠬᠢᠴᠢᠶᠡᠯ ᠳᠤ ᠤᠷᠤᠭᠤᠯᠤᠨ ᠬᠠᠷᠠᠬᠠᠨ ᠪᠠᠭ᠎ᠠ ᠠᠴᠠ ᠨᠢ ᠬᠠᠮᠤᠭ ᠠᠴᠠ ᠢᠯᠡᠭᠦᠦ ᠡᠳ᠋ᠯᠡᠪᠡᠯ ᠵᠤᠬᠢᠰᠲᠠᠢ ᠨᠠᠭᠠᠳᠴᠤ ᠲᠤᠭᠯᠠᠬᠤ ᠪᠠ ᠤᠨᠲᠠᠵᠤ ᠡᠷᠬᠡᠯᠡᠬᠦ ᠡᠷᠬᠡ ᠴᠢᠯᠦᠭᠡ ᠶᠢ ᠨᠢ ᠬᠠᠰᠤᠨ᠎ᠠ᠃ ᠦᠪᠡᠷ ᠤᠨ ᠰᠤᠷᠴᠤ ᠳᠡᠶᠢᠯᠦᠭᠰᠡᠨ ᠦᠭᠡᠢ ᠡᠷᠳᠡᠮ ᠢᠶᠠᠨ ᠬᠡᠦᠬᠡᠳ ᠲᠡᠭᠡᠨ ᠰᠤᠷᠬᠤ ᠶᠢ ᠨᠠᠶᠢᠳᠠᠵᠤ ᠦᠪᠡᠷ ᠤᠨ ᠪᠡᠶᠡᠯᠡᠭᠦᠯᠵᠦ ᠴᠢᠳᠠᠭᠰᠠᠨ ᠦᠭᠡᠢ ᠵᠤᠷᠢᠯᠭ᠎ᠠ ᠪᠠᠨ ᠬᠡᠦᠬᠡᠳ ᠲᠡᠭᠡᠨ ᠪᠡᠶᠡᠯᠡᠭᠦᠯᠬᠦ ᠶᠢ ᠱᠠᠭᠠᠷᠳᠠᠨ᠎ᠠ᠃        ᠪᠢᠳᠡᠨ ᠳᠤ ᠬᠡᠦᠬᠡᠳ ᠠᠴᠠ ᠢᠯᠡᠭᠦᠦ ᠨᠠᠰᠤ ᠵᠢᠯ᠂ ᠦᠩᠭᠡᠷᠡᠯᠲᠡ ᠲᠤᠷᠰᠢᠯᠭ᠎ᠠ᠂ ᠬᠠᠷᠢᠯᠴᠠᠭ᠎ᠠ ᠶᠠᠪᠤᠯᠴᠠᠭ᠎ᠠ ᠪᠠᠶᠢᠳᠠᠭ ᠭᠡᠬᠦ ᠳᠤ ᠬᠡᠦᠬᠡᠳ ᠲᠤ ᠬᠠᠷᠢᠨ ᠦᠪᠡᠷ ᠤᠨ ᠬᠢᠨᠢ ᠦᠵᠡᠯ ᠪᠤᠳᠤᠯ᠂ ᠳᠤᠷ᠎ᠠ ᠰᠤᠨᠢᠷᠬᠠᠯ᠂ ᠵᠤᠷᠢᠯᠭ᠎ᠠ ᠬᠠᠷᠠᠯᠲᠠ ᠪᠠᠶᠢᠳᠠᠭ ᠰᠢᠦ᠃ ᠪᠠᠶᠢᠷᠢ ᠪᠠᠨ ᠰᠤᠯᠢᠵᠤ ᠪᠤᠳᠤᠯᠬᠢᠯᠠᠨ ᠪᠤᠳᠠᠲᠠᠢ ᠪᠠᠷ ᠵᠠᠳᠠᠯᠵᠤ ᠦᠵᠡᠪᠡᠯ ᠪᠢᠳᠡ ᠬᠠᠰᠢᠯᠠ ᠬᠡᠨ ᠠᠯᠢᠨ ᠢᠶᠠᠨ ᠬᠦᠨᠳᠦᠳᠬᠡᠵᠦ ᠬᠡᠦᠬᠡᠳ ᠲᠠᠢ ᠪᠠᠨ ᠬᠠᠮᠲᠤ ᠬᠦᠮᠦᠵᠢᠨ ᠪᠤᠶᠢᠵᠢᠪᠠᠯ ᠵᠤᠬᠢᠨ᠎ᠠ᠃ ᠠᠪᠤ ᠡᠵᠢ ᠨᠢ ᠪᠤᠯᠴᠢᠬᠠᠯ᠎ᠠ ᠭᠡᠳ ᠠᠵᠢᠯᠯᠠᠵᠤ ᠰᠤᠷᠤᠯᠴᠠᠬᠤ ᠶᠢ ᠬᠦᠩᠭᠡᠪᠴᠢᠯᠡᠵᠦ ᠪᠤᠯᠤᠰᠢ ᠦᠭᠡᠢ᠂ ᠨᠡᠩ ᠴᠦ ᠬᠠᠨᠴᠤᠢ ᠰᠡᠭᠰᠦᠷᠦᠨ ᠨᠢᠳᠦ ᠡᠷᠡᠶᠢᠯᠭᠡᠨ ᠡᠨᠡ ᠶᠢ ᠰᠤᠷᠴᠤ ᠲᠡᠷᠡ ᠶᠢ ᠬᠢ ᠭᠡᠵᠦ ᠬᠡᠦᠬᠡᠳ ᠢᠶᠠᠨ ᠵᠠᠩᠳᠤᠷᠴᠤ ᠵᠠᠬᠢᠵᠤ ᠪᠤᠯᠳᠠᠭ ᠪᠢᠰᠢ᠃ ︽ᠬᠡᠯᠡᠵᠦ ᠰᠤᠷᠭᠠᠬᠤ ᠠᠴᠠ ᠬᠢᠵᠦ ᠦᠵᠡᠭᠦᠯ︾ ᠭᠡᠳᠡᠭᠴᠢᠯᠡᠨ ᠪᠢᠳᠡᠨ ᠤ ᠬᠠᠭᠤᠳᠠᠮ ᠶᠠᠷᠢᠶ᠎ᠠ ᠬᠤᠭᠤᠰᠤᠨ ᠰᠤᠷᠭᠠᠯ ᠠᠴᠠ ᠢᠯᠡᠭᠦᠦ ᠪᠡᠶᠡᠴᠢᠯᠡᠨ ᠬᠢᠵᠦ ᠦᠵᠡᠭᠦᠯᠦᠨ ᠪᠤᠳᠠᠲᠠᠢ ᠠᠵᠢᠯᠯᠠᠭ᠎ᠠ ᠪᠠᠷ ᠢᠶᠠᠨ ᠪᠢᠰᠢᠷᠡᠭᠦᠯᠬᠦ ᠨᠢ ᠨᠡᠩ ᠢᠯᠡᠭᠦᠦ ᠨᠦᠯᠦᠭᠡᠯᠡᠬᠦ ᠬᠦᠴᠦᠨ ᠢᠲᠡᠭᠡᠭᠦᠯᠬᠦ ᠬᠦᠴᠦᠨ  ᠲᠠᠢ ᠪᠠᠶᠢᠳᠠᠭ᠃ ᠬᠡᠳᠦᠶᠢᠪᠡᠷ ᠭᠡᠷ ᠤᠨ ᠠᠬᠠᠮᠠᠳ ᠪᠤᠯ ᠬᠡᠦᠬᠡᠳ ᠤᠨ ᠠᠩᠬᠠᠨ ᠤ ᠪᠠᠭᠰᠢ ᠭᠡᠳᠡᠭ ᠪᠤᠯᠪᠠᠴᠤ ᠮᠢᠨᠦ ᠦᠵᠡᠬᠦ ᠪᠠᠷ ᠬᠡᠦᠬᠡᠳ ᠪᠠᠰᠠᠴᠤ ᠡᠴᠢᠭᠡ ᠡᠬᠡ ᠶᠢᠨ ᠢᠶᠠᠨ ᠪᠠᠭᠰᠢ ᠪᠤᠯᠵᠤ ᠪᠤᠯᠳᠠᠭ᠃ ᠦᠭᠡ ᠬᠡᠯᠡᠨ ᠳᠤ ᠤᠷᠤᠬᠤ ᠠᠴᠠ ᠪᠠᠨ ᠡᠮᠦᠨ᠎ᠡ ᠦᠭᠡᠳᠡ ᠠᠴᠠ ᠠᠩᠭᠠᠯᠵᠠᠨ ᠢᠨᠢᠶᠡᠬᠦ ᠳᠤ ᠪᠡᠶ᠎ᠡ ᠰᠡᠳᠬᠢᠯ ᠲᠤᠭᠳᠤᠯᠤᠨ ᠪᠠᠶᠠᠷ ᠵᠢᠷᠭᠠᠯ ᠪᠢᠯᠬᠠᠳᠠᠭ᠃ ᠪᠢᠴᠢᠭ ᠤᠨ ᠪᠤᠭᠴᠤ ᠪᠠᠨ ᠮᠦᠷᠦᠪᠴᠢᠯᠡᠨ ᠰᠤᠷᠭᠠᠭᠤᠯᠢ ᠠᠴᠠ ᠪᠠᠨ ᠬᠠᠷᠢᠵᠤ ᠢᠷᠡᠭᠡᠳ ᠡᠳᠦᠷ ᠤᠨ ᠪᠤᠯᠤᠭᠰᠠᠨ ᠤᠴᠢᠷ ᠢᠶᠠᠨ ᠶᠠᠷᠢᠬᠤ  ᠳᠤᠨᠢ ᠶᠠᠮᠠᠷᠴᠤ ᠭᠠᠶᠢᠬᠠᠯᠲᠠᠢ ᠰᠠᠶᠢᠬᠠᠨ ᠳᠤᠮᠤᠭ ᠦᠯᠢᠭᠡᠷ ᠰᠤᠨᠤᠰᠤᠭᠰᠠᠨ ᠪᠤᠯᠵᠤ ᠲᠤᠲᠤᠷ᠎ᠠ ᠲᠠᠯᠪᠢᠭᠤᠷᠠᠵᠤ ᠤᠴᠢᠳᠠᠭ᠃ ᠡᠳᠦᠷ ᠲᠤᠲᠤᠮ ᠢᠶᠠᠨ ᠦᠰᠦᠨ ᠪᠤᠶᠢᠵᠢᠵᠤ ᠦᠪᠡᠷ ᠲᠠᠢ ᠴᠢᠨᠢ ᠵᠠᠪᠳᠠᠭᠤ ᠪᠤᠯᠬᠤ ᠪᠤᠶᠤ ᠤᠳᠠᠵᠤ ᠲᠦᠳᠡᠯ ᠦᠭᠡᠢ ᠪᠡᠶ᠎ᠡ ᠠᠴᠠ ᠴᠢᠨᠢ ᠦᠨᠳᠦᠷ ᠪᠤᠯᠴᠢᠬᠠᠭᠠᠳ ᠬᠦᠮᠦᠨ ᠤ ᠵᠡᠷᠭᠡ ᠳᠤ ᠬᠦᠷᠬᠦ ᠦᠶᠡᠰ ᠲᠡᠷᠡ ᠪᠠᠶᠠᠷ ᠪᠠᠭ᠋ᠠᠳᠤᠯ ᠤᠮᠤᠭᠰᠢᠯ ᠵᠤᠷᠢᠭᠵᠢᠯ ᠢ ᠶᠠᠭᠤᠨ ᠢᠶᠠᠷ ᠦᠯᠢᠳᠬᠡᠨ᠎ᠡ ᠪᠢᠯᠡ᠃ ᠭᠡᠬᠦ ᠳᠡᠭᠡᠨ ᠬᠤᠷᠸ᠎ᠠ ᠳᠤ ᠬᠤᠤᠰ ᠦᠭᠡᠢ ᠡᠶᠢᠮᠦᠷᠬᠦ ᠪᠠᠶᠠᠷ ᠪᠠᠭ᠋ᠠᠳᠤᠯ ᠬᠦᠴᠦᠨ ᠴᠢᠳᠠᠯ ᠢ ᠬᠡᠦᠬᠡᠳ ᠯᠡ ᠪᠢᠳᠡᠨ ᠳᠤ ᠤᠯᠭᠤᠵᠤ ᠦᠭᠳᠡᠭ ᠰᠢᠦ᠃        ᠡᠨᠡ ᠳᠡᠯᠡᠬᠡᠢ ᠳᠤ ᠠᠮᠢᠳᠤᠷᠠᠬᠤ ᠳᠠᠭᠠᠨ ᠬᠦᠮᠦᠨ ᠪᠤᠯᠵᠤ ᠬᠦᠮᠦᠵᠢᠨ ᠪᠤᠶᠢᠵᠢᠬᠤ ᠨᠢ ᠬᠠᠮᠤᠭ ᠤᠨ ᠴᠢᠬᠤᠯᠠ ᠭᠡᠵᠦ ᠪᠢ ᠦᠵᠡᠨ᠎ᠡ᠃ ᠲᠡᠭᠦᠯᠳᠡᠷ ᠰᠠᠶᠢᠬᠠᠨ ᠵᠠᠩ ᠠᠭᠠᠯᠢ᠂ ᠬᠦᠮᠦᠨ ᠴᠢᠨᠠᠷ᠂ ᠬᠡᠪ ᠪᠤᠯᠪᠠᠰᠤᠷᠠᠯ᠂ ᠶᠤᠰᠤ ᠰᠤᠷᠲᠠᠬᠤᠨ᠂ ᠤᠬᠠᠭᠠᠨ ᠰᠠᠨᠠᠭ᠎ᠠ᠂ ᠡᠷᠳᠡᠮ ᠮᠡᠳᠡᠯᠭᠡ ᠨᠢ ᠰᠠᠶ᠋ᠢ ᠶᠢᠷᠲᠢᠨᠴᠦ ᠳᠤ ᠤᠷᠤᠨ ᠪᠠᠶᠢᠷᠢ ᠪᠠᠨ ᠤᠯᠵᠤ ᠤᠷᠤᠰᠢᠨ ᠲᠤᠭᠲᠠᠨᠢᠬᠤ᠂ ᠴᠢᠨᠠᠭᠰᠢᠯᠠᠨ ᠠᠮᠵᠢᠯᠲᠠ ᠤᠯᠬᠤ ᠶᠢᠨ ᠤᠷᠢᠳᠠᠯ ᠨᠦᠬᠦᠴᠡᠯ ᠪᠤᠯᠵᠤ ᠪᠤᠯᠳᠠᠭ᠃ ᠡᠶᠢᠮᠦᠷᠬᠦ ᠴᠢᠬᠤᠯᠠ ᠡᠯᠧᠮᠧᠨ᠋ᠲ ᠢ ᠪᠦᠷᠢᠯᠳᠦᠭᠦᠯᠬᠦ ᠳᠤ ᠨᠠᠰᠤ ᠵᠢᠯ ᠤᠨ ᠬᠢᠵᠠᠭᠠᠷ ᠦᠭᠡᠢ ᠲᠤᠯᠠ ᠬᠦᠮᠦᠨ ᠪᠦᠬᠦᠨ ᠲᠡᠭᠦᠨ ᠤ ᠡᠮᠦᠨ᠎ᠡ ᠰᠢᠯᠭᠠᠯᠲᠠ ᠶᠢ ᠬᠦᠯᠢᠶᠡᠭᠴᠢ ᠪᠤᠯᠬᠤ ᠠᠴᠠ ᠪᠢᠰᠢ ᠰᠢᠭᠦᠭᠴᠢ ᠪᠤᠯᠵᠤ ᠳᠡᠶᠢᠯᠳᠡᠭ ᠦᠭᠡᠢ᠂ ᠡᠶᠢᠮᠦ ᠠᠴᠠ ᠡᠬᠢᠯᠡᠯᠲᠡ ᠪᠠᠶᠢᠬᠤ ᠠᠴᠠ ᠪᠢᠰᠢ ᠡᠴᠦᠰ ᠲᠡᠭᠦᠰᠬᠡᠯ ᠦᠭᠡᠢ ᠬᠦᠮᠦᠨ ᠪᠤᠯᠵᠤ ᠬᠦᠮᠦᠵᠢᠨ ᠪᠤᠶᠢᠵᠢᠬᠤ ᠡᠨᠡᠬᠦ ᠤᠷᠲᠤ ᠠᠶᠠᠨ ᠳᠤ ᠬᠡᠦᠬᠡᠳ ᠲᠠᠢ ᠪᠠᠨ ᠪᠢᠳᠡ ᠨᠢᠭᠡᠯᠡ ᠱᠤᠭᠤᠮ ᠳᠡᠭᠡᠷ᠎ᠡ ᠪᠠᠶᠢᠳᠠᠭ ᠶᠤᠮ ᠡ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号