ᠯᠣᠤᠬ᠎ᠠ ᠶᠢᠨ ᠰᠦᠮ᠎ᠡ ᠶᠢᠨ ᠪᠠᠭᠤᠷᠢ
ᠨᠡᠶᠢᠲᠡᠯᠡᠭᠰᠡᠨ ᠴᠠᠭ᠄
2017-07-24
       ᠲᠣᠰ ᠪᠠᠭᠤᠷᠢ ᠨᠢ ᠣᠳᠣ ᠶᠢᠨ ᠮᠠᠨᠳᠣᠬᠤᠪᠣᠯᠠᠭ ᠪᠠᠯᠭᠠᠰᠣᠨ ᠤ ᠪᠠᠶᠠᠨᠪᠦᠷᠢᠲᠦ ᠭᠠᠴᠠᠭᠠᠨ ᠤ ᠨᠣᠳᠤᠭ ᠲᠤ ᠪᠣᠢ᠃ ᠣᠣᠯ ᠤᠨ ᠦᠵᠦᠮᠦᠴᠢᠨ ᠵᠡᠬᠦᠨ ᠭᠠᠷᠣᠨ ᠬᠤᠰᠢᠭᠤᠨ ᠤ ᠬᠤᠰᠢᠭᠤᠨ ᠵᠢᠷᠭᠤᠭᠠᠨ ᠬᠡᠶᠢᠳ ᠤᠨ ᠨᠢᠬᠡ᠂ ᠲᠡᠭᠷᠢ ᠳᠡᠳᠬᠦᠭᠴᠢ ᠬᠠᠭᠠᠨ ᠤ ᠭᠤᠴᠢᠨ ᠲᠠᠪᠣᠳᠣᠭᠠᠷ ᠣᠨ ᠤ ᠴᠠᠭᠠᠭᠴᠢᠨ ᠦᠬᠡᠷ ᠵᠢᠯ ︵1771 ᠣᠨ ᠳᠤ︶ ᠬᠦᠪᠣᠳ ᠰᠣᠮᠣᠨ ᠤ ᠯᠾᠠᠷᠠᠮᠪᠠ ᠬᠠᠶᠢᠮᠠᠩᠯᠣᠪᠰᠠᠩᠶᠧᠰᠢ ᠯᠣᠤᠬ᠎ᠠ ᠶᠢᠨ ᠪᠦᠷᠢᠲᠦ ᠶᠢᠨ ᠵᠡᠬᠦᠨ ᠲᠠᠯ᠎ᠠ ᠳᠠᠬᠢ ᠮᠦᠰᠦᠲᠦ ᠶᠢᠨ ᠴᠠᠭᠠᠨ ᠤ ᠪᠠᠷᠠᠭᠤᠨ ᠬᠤᠶᠢᠨᠠᠬᠢ ᠪᠣᠱᠤᠭ᠎ᠠ ᠡᠯᠡᠰᠦᠨ ᠤ ᠠᠷᠣ ᠳᠤ ᠪᠠᠶᠢᠭᠤᠯᠵᠠᠢ᠃ ᠡᠶᠢᠨ ᠬᠦ ᠪᠠᠰᠠ ︽ᠨᠢᠭᠤᠬᠤ ᠶᠢᠨ ᠰᠦᠮ᠎ᠡ︾ ᠪᠣᠶᠣ ︽ᠬᠤᠳᠠᠯᠠ ᠳᠤᠷ ᠲᠣᠰᠠᠯᠠᠭᠴᠢ ᠰᠦᠮ᠎ᠡ︾ ᠬᠡᠳᠡᠭ᠃
       ᠱᠠᠭᠳᠠᠷ᠂ ᠮᠠᠬᠠᠺᠠᠯᠠ ᠪᠠᠷ ᠭᠤᠣᠯ ᠰᠢᠳᠣᠬᠡᠨ ᠪᠣᠯᠭᠠᠭᠰᠠᠨ ᠡᠨᠡ ᠰᠦᠮ᠎ᠡ ᠳᠤ ᠴᠣᠭᠵᠢᠨ᠂ ᠵᠣᠳᠸ᠎ᠠ᠂ ᠴᠦᠢᠷ᠂ ᠮᠠᠨᠪᠠ ᠷᠠᠰᠠᠩ ᠲᠠᠢ᠂ ᠳᠦᠷᠪᠡᠨ ᠴᠠᠭ ᠤᠨ ᠢᠷᠦᠬᠡᠯ ᠪᠠ ᠡᠵᠡᠨ ᠤ ᠱᠠᠪᠳᠠᠨ ᠵᠡᠷᠬᠡ ᠶᠢ ᠬᠤᠷᠠᠳᠠᠭ ᠪᠦᠭᠡᠳ ᠭᠤᠷᠪᠠᠨ ᠰᠠᠩ ᠵᠢᠰᠡ ᠲᠠᠢ ᠪᠠᠶᠢᠪᠠ᠃ ᠯᠣᠤᠬ᠎ᠠ ᠶᠢᠨ ᠰᠦᠮ᠎ᠡ ᠶᠢᠨ ᠰᠢᠷᠡᠬᠡᠨ ᠯᠠᠮ᠎ᠠ ᠨᠢ ᠯᠾᠠᠷᠠᠮᠪᠠ ᠬᠠᠶᠢᠮᠠᠩᠯᠣᠪᠰᠠᠩᠶᠧᠰᠢ ᠠᠴᠠ ᠳᠠᠨᠵᠢᠨ ᠯᠾᠠᠷᠠᠮᠪᠠ ᠬᠥᠷᠲᠡᠯ᠎ᠡ ᠳᠦᠷᠪᠡᠨ ᠳᠦᠷᠢ ᠢᠯᠡᠷᠡᠵᠠᠢ᠃ ᠲᠣᠰ ᠰᠥᠮ᠎ᠡ ᠨᠢ 1945 ᠣᠨ ᠳᠤ ᠲᠠᠶᠢᠨ ᠤ ᠬᠦᠯ ᠳᠤ ᠪᠠᠯᠠᠷᠠᠪᠠ᠃
       ᠣᠳᠣ ᠪᠠᠶᠢᠭ᠎ᠠ ᠰᠥᠮ᠎ᠡ ᠶᠢᠨ ᠪᠠᠭᠤᠷᠢ ᠨᠢ ᠡᠮᠥᠨ᠎ᠡ ᠠᠴᠠ ᠣᠮᠠᠷᠠᠰᠢ 625 m᠂ ᠵᠡᠭᠦᠨ ᠠᠴᠠ ᠪᠠᠷᠠᠭᠤᠨᠰᠢ 400 m ᠬᠡᠮᠵᠢᠶᠡᠲᠡᠢ᠃ ᠡᠷᠭᠢᠨ ᠲᠣᠭᠤᠷᠢᠨ ᠶᠡᠭᠡ ᠪᠠᠭ᠎ᠠ ᠪᠠᠶᠢᠰᠢᠩ ᠤᠨ ᠥᠯᠡᠳᠡᠭᠳᠡᠯ 40 ᠭᠠᠷᠣᠢ ︵ᠣᠳᠣ ᠪᠠᠶᠢᠭ᠎ᠠ ᠥᠨᠳᠥᠷ ᠨᠢ 0.2 — 0.5 m︶᠂ ᠭᠠᠳᠠᠷ ᠭᠥᠷᠢᠶ᠎ᠡ ᠶᠢ ᠨᠢ ᠴᠢᠯᠠᠭᠤ ᠪᠠᠷ ᠵᠢᠭᠢᠷᠢᠭᠯᠡᠨ ᠪᠠᠶᠢᠭᠤᠯᠵᠠᠢ᠃ ᠵᠡᠭᠦᠨ ᠡᠮᠥᠨ᠎ᠡ ᠪᠠᠨ ᠬᠤᠳᠳᠤᠭ ᠪᠠᠶᠢᠭᠰᠠᠨ ᠨᠢ ᠲᠤᠬᠠᠢ ᠶᠢᠨ ᠥᠶ᠎ᠡ ᠶᠢᠨ ᠯᠠᠮᠠ ᠨᠠᠷ ᠤᠨ ᠣᠣᠭᠤᠬᠤ ᠣᠮᠳᠠ ᠶᠢ ᠬᠠᠩᠭᠠᠵᠣ ᠪᠠᠶᠢᠭᠰᠠᠨ ᠪᠣᠯᠣᠯᠳᠠᠢ᠃ ᠰᠥᠮ᠎ᠡ ᠶᠢᠨ ᠪᠠᠭᠤᠷᠢ ᠠᠴᠠ ᠬᠤᠶᠢᠰᠢ 300 m ᠤᠨ ᠵᠠᠢ ᠳᠤ ᠲᠡᠬᠢᠯᠭ᠎ᠠ ᠬᠢᠳᠡᠭ ︽ᠥᠯᠵᠡᠶᠢᠳᠣ ᠣᠪᠣᠭ᠎ᠠ︾ ᠪᠠᠶᠢᠷᠢᠯᠠᠨ᠎ᠠ᠃
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号