| | | | | | | | | ᠡᠵᠢᠨᠠᠭᠤᠷ ᠪᠠᠯᠭᠠᠰᠤᠨ ᠤ ᠪᠠᠳᠠᠷᠠᠬᠤ ᠭᠠᠴᠠᠭᠠᠨ ᠤ ᠨᠤᠳᠤᠭ ᠲᠠᠬᠢ ᠵᠢᠩᠰᠡᠳᠤ ᠬᠠᠶᠢᠷᠬᠠᠨ ᠠᠭᠤᠯᠠᠨ ᠳᠤ | ᠪᠤᠢ᠃ ᠠᠭᠤᠢ ᠶᠢᠨ ᠠᠮᠠᠰᠠᠷ ᠪᠠᠷᠠᠭᠤᠨ ᠬᠤᠶᠢᠳᠤ ᠵᠦᠭ ᠬᠠᠨᠳᠤᠭᠰᠠᠨ᠂ ᠥᠷᠭᠡᠨ ᠨᠢ 16 ᠮᠧᠲᠷ᠂ ᠬᠦᠨ ᠨᠢ 24 | ᠮᠧᠲᠷ᠂ ᠰᠣᠶᠣᠯᠳᠣ ᠲᠠᠪᠬᠤᠷᠭ᠎ᠠ ᠶᠢᠨ ᠵᠤᠵᠠᠭᠠᠨ ᠨᠢ 5 ᠮᠧᠲᠷ ᠪᠠᠶᠢᠳᠠᠭ᠃ | | ᠠᠳᠡ 2000 — 2001 ᠣᠨ ᠤ ᠬᠤᠭᠤᠷᠣᠨᠳᠣ 80 ᠺᠦᠸᠠᠳ᠋ ᠮᠧᠲᠷ ᠲᠠᠯᠠᠪᠠᠢ ᠳᠤ ᠬᠤᠶᠠᠷ | ᠣᠳᠠᠭᠠᠨ ᠤ ᠮᠠᠯᠲᠠᠯᠭ᠎ᠠ ᠬᠢᠵᠣ᠂ ᠭᠤᠷᠪᠠᠨ ᠲᠠᠪᠬᠤᠷᠭ᠎ᠠ ᠬᠤᠪᠢᠶᠠᠭᠳᠠᠭᠰᠠᠨ ᠢ ᠲᠣᠳᠣᠷᠠᠭᠤᠯᠪᠠ᠃ ᠬᠠᠮᠤᠭ ᠤᠨ | ᠲᠤᠤᠷᠠᠳᠤ ᠲᠠᠪᠬᠤᠷᠭ᠎ᠠ ᠠᠴᠠ ᠬᠠᠭᠤᠴᠢᠨ ᠴᠢᠯᠠᠭᠤᠨ ᠵᠡᠪᠰᠡᠭ ᠤᠨ ᠦᠶ᠎ᠡ ᠶᠢᠨ ᠴᠢᠯᠠᠭᠤᠨ ᠵᠡᠪᠰᠡᠭ 1332 ᠰᠢᠷᠭᠡᠭ | ᠪᠠ ᠠᠮᠢᠳᠠᠳ ᠤᠨ ᠶᠠᠰᠤ ᠢᠯᠡᠷᠡᠪᠡ᠃ ᠲᠣᠮᠳᠠ ᠲᠠᠪᠬᠤᠷᠭ᠎ᠠ ᠠᠴᠠ ᠬᠠᠭᠤᠴᠢᠨ ᠴᠢᠯᠠᠭᠤᠨ ᠵᠡᠪᠰᠡᠭ ᠤᠨ ᠲᠤᠮᠳᠠ᠂ | ᠰᠡᠬᠦᠯᠴᠢ ᠦᠶ᠎ᠡ ᠶᠢᠨ ᠴᠢᠯᠠᠭᠤᠨ ᠵᠡᠪᠰᠡᠭ ᠢ 1300 ᠭᠠᠷᠣᠢ ᠪᠠ ᠲᠠᠬᠢ᠂ ᠬᠡᠷᠢᠰ᠂ ᠬᠠᠪᠲᠠᠭᠠᠢ᠂ ᠪᠣᠭᠤ ᠵᠡᠷᠭᠡ | ᠠᠮᠢᠳᠠᠳ ᠤᠨ ᠶᠠᠰᠤ ᠢᠯᠡᠷᠡᠪᠡ᠃ ᠬᠠᠮᠤᠭ ᠲᠡᠭᠡᠳᠤ ᠲᠠᠪᠬᠤᠷᠭ᠎ᠠ ᠠᠴᠠ ᠶᠡᠭᠡ ᠬᠡᠮᠵᠢᠶᠡᠨ ᠤ ᠦᠨᠡᠰᠤᠨ ᠬᠦᠬᠡ ᠪᠡ | ᠬᠠᠷ᠎ᠠ ᠦᠡᠭᠭᠡ ᠲᠠᠢ ᠸᠠᠭᠠᠷ ᠤᠨ ᠡᠳ᠋ᠯᠡᠯ ᠤᠨ ᠬᠠᠭᠠᠷᠬᠠᠢ ᠪᠠ ᠨᠠᠷᠢᠯᠢᠭ ᠴᠢᠯᠠᠭᠤᠨ ᠵᠡᠪᠰᠡᠭ 1308 ᠰᠢᠷᠭᠡᠭ᠂ | ᠶᠠᠰᠣᠨ ᠵᠢᠮᠰᠡᠭ᠂ ᠵᠡᠪᠡ ᠮᠡᠳᠣ ᠶᠢᠨ ᠶᠠᠰᠣᠨ ᠡᠳ᠋ᠯᠡᠯ 30 ᠭᠠᠷᠣᠢ ᠰᠢᠷᠭᠡᠭ᠂ ᠪᠠᠭ᠎ᠠ ᠬᠡᠮᠵᠢᠶᠡᠨ ᠤ ᠬᠥᠷᠡᠯ ᠡᠳ᠋ᠯᠡᠯ | ᠵᠢᠴᠢ ᠠᠳᠣᠭᠤ᠂ ᠬᠤᠨᠢᠨ ᠤ ᠶᠠᠰᠣ ᠪᠠᠷ ᠭᠤᠣᠯᠯᠠᠭᠰᠠᠨ ᠠᠮᠢᠳᠠᠨ ᠤ ᠶᠠᠰᠣ ᠣᠯᠠᠨ ᠲᠤᠭ᠎ᠠ ᠪᠠᠷ ᠣᠯᠳᠠᠵᠠᠢ᠃ | ᠰᠣᠳᠣᠯᠭᠠᠨ ᠤ ᠥᠷ᠎ᠡ ᠳ᠋ᠥᠩ ᠳᠤ ᠡᠨᠡ ᠠᠭᠤᠢ ᠳᠤ ᠣᠳᠣ ᠠᠴᠠ 3 — 1 ᠲᠥᠮᠡᠨ ᠵᠢᠯ ᠤᠨ ᠡᠮᠥᠨᠡᠬᠢ ᠪᠣᠶᠣ | ᠨᠡᠩ ᠡᠷᠲᠡᠨ ᠤ ᠬᠥᠮᠥᠨ ᠲᠥᠷᠥᠯᠬᠢᠳᠡᠨ ᠣᠷᠣᠰᠢᠨ ᠠᠮᠢᠳᠣᠷᠠᠵᠣ ᠪᠠᠶᠢᠭᠰᠠᠨ ᠤ ᠣᠯᠠ ᠮᠥᠷ ᠵᠢᠴᠢ ᠡᠷᠲᠠᠨ ᠤ | ᠠᠮᠢᠳᠠᠨ ᠰᠣᠳᠣᠯᠣᠯ ᠤᠨ ᠰᠢᠨᠵᠢᠯᠡᠭᠦ ᠣᠬᠠᠭᠠᠨ ᠤ ᠥᠨ᠎ᠡ ᠥᠷᠳᠡᠭ᠂ ᠠᠷᠾᠢᠣᠯᠣᠭᠢ ᠶᠢᠨ ᠰᠣᠳᠣᠯᠭᠠᠨ ᠳᠤ ᠮᠠᠰᠢ | ᠴᠢᠬᠤᠯᠠ ᠨᠣᠳᠠᠯᠭᠠ ᠪᠣᠯᠬᠤ ᠶᠣᠮ᠃ ᠡᠶᠢᠨ ᠬᠦ ᠡᠨᠡ ᠪᠠᠭᠤᠷᠢ ᠶᠢ 2004 ᠣᠨ ᠳᠤ ᠣᠷᠣᠨ ᠤ ᠲᠡᠰ ᠤᠨ | ᠬᠠᠮᠠᠭᠠᠯᠠᠯᠳᠠ ᠶᠢᠨ ᠲᠣᠷᠠᠰᠬᠠᠯ ᠪᠣᠯᠭᠠᠵᠣ ᠬᠠᠮᠠᠭᠠᠯᠠᠯᠳᠠ ᠳᠤ ᠠᠪᠣᠭᠰᠠᠨ ᠶᠣᠮ᠃ | | | | | |