| ᠡᠵᠢ ᠨᠠᠭᠤᠷ ᠤᠨ ᠲᠣᠬᠠᠢ ᠰᠣᠷᠪᠣᠯᠵᠢ ᠪᠢᠴᠢᠭ᠂ ᠲᠡᠣᠭᠡ ᠲᠡᠮᠲᠡᠭᠯᠡᠯ᠂ ᠥᠭᠦᠯᠡᠯ ᠵᠣᠬᠢᠶᠠᠯ ᠤᠳ ᠲᠤ ︽ | ᠴᠣᠩᠬᠤᠷ ᠡᠵᠢ᠂ ᠶᠡᠭᠡ ᠳᠠᠪᠣᠰᠣᠨ ᠭᠤᠣᠯ᠂ ᠦᠯᠡᠮᠵᠢ ᠶᠢᠨ ᠲᠡᠵᠢᠭᠡᠯᠳᠣ ᠨᠠᠭᠤᠷ᠂ ᠳᠠᠪᠣᠰᠣᠨ ᠨᠠᠭᠤᠷ᠂ ᠡᠵᠢ | ᠨᠠᠭᠤᠷ︾ ᠭᠡᠭᠦ ᠮᠡᠳᠣ ᠪᠠᠷ ᠲᠡᠮᠳᠡᠭᠯᠡᠵᠣ ᠪᠠᠶᠢᠳᠠᠭ᠃ ᠡᠨᠡ ᠲᠣᠬᠠᠢ ᠰᠣᠷᠪᠣᠯᠵᠢ ᠪᠢᠴᠢᠭ ᠢ ᠰᠢᠭᠦᠵᠣ ᠰᠡᠶᠢᠷᠡᠭᠦᠯᠪᠡᠯ᠄ | ︽ᠬᠠᠨ ᠣᠯᠣᠰ ᠤᠨ ᠲᠡᠣᠭᠡ᠂ ᠭᠠᠵᠠᠷ ᠵᠦᠢ ᠶᠢᠨ ᠲᠡᠮᠲᠡᠭᠯᠡᠯ︾ ᠳᠤ ᠡᠵᠢ ᠨᠠᠭᠤᠷ ᠢ ︿ᠭᠦᠬᠡ ᠳᠠᠪᠣᠰᠣᠨ ᠨᠠᠭᠤᠷ﹀ | ᠭᠡᠵᠣ ᠳᠣᠳᠣᠷᠬᠠᠢ ᠲᠡᠮᠳᠡᠭᠯᠡᠵᠣ ᠪᠠᠶᠢᠳᠠᠭ ᠪᠦᠭᠡᠳ ᠯᠢᠶᠣᠣ ᠣᠯᠣᠰ ᠤᠨ ᠦᠶ᠎ᠡ ᠳᠤ ᠡᠨᠡ ᠬᠠᠪᠢ ᠶᠢᠨ ᠭᠠᠵᠠᠷ | ᠣᠷᠣᠨ ᠢ ᠳᠡᠭᠡᠳᠣ ᠨᠡᠶᠢᠰᠯᠡᠯ ᠤᠨ ᠥᠭᠡᠯᠡᠳ ᠵᠠᠮ ᠤᠨ ᠴᠡᠷᠢᠭ ᠤᠨ ᠵᠣᠷᠭᠠᠨ ᠳᠤ ᠬᠠᠮᠢᠶᠠᠷᠣᠭᠤᠯᠵᠣ ᠪᠠᠶᠢᠭᠰᠠᠨ | ᠪᠦᠭᠡᠳ ᠲᠡᠷᠡ ᠦᠶ᠎ᠡ ᠠᠴᠠ ᠡᠬᠢᠯᠡᠨ ᠭᠦᠬᠡ ᠳᠠᠪᠣᠰᠣ ᠶᠢ ᠶᠡᠭᠡ ᠬᠡᠮᠵᠢᠶ᠎ᠡ ᠪᠠᠷ ᠭᠠᠳᠠᠭᠰᠢ ᠵᠦᠭᠡᠭᠡᠪᠣᠷᠢᠯᠡᠨ ᠡᠬᠢᠯᠡᠪᠡ | ᠭᠡᠵᠣ ᠲᠡᠮᠲᠡᠭᠯᠡᠵᠣ ᠪᠣᠢ᠃ ︽ᠠᠯᠲᠠᠨ ᠣᠯᠣᠰ ᠤᠨ ᠲᠡᠣᠭᠡ︾ ᠳᠤ᠄ ︽᠂᠂᠂ ᠠᠯᠳᠠᠨ ᠤᠯᠤᠰ ᠤᠨ ᠳ᠋ᠠ ᠲᠠᠩ ᠤᠨ | ᠠᠷᠪᠠᠨ ᠬᠤᠶᠠᠳᠣᠭᠠᠷ ᠣᠨ ︵ᠣᠨ ᠳᠣᠭᠠᠯᠠᠯ ᠤᠨ 1172 ᠣᠨ︶ ᠳᠤ ᠳᠠᠪᠣᠰᠣᠨ ᠶᠠᠪᠣᠳᠠᠯ ᠤᠨ ᠰᠠᠶᠢᠳ | ᠳᠣᠮᠢᠯᠠᠨ ᠭᠦᠬᠡ ᠳᠠᠪᠣᠰᠣ ᠶᠢ ᠬᠠᠮᠢᠶᠠᠷᠪᠠ᠂᠂᠂︾ ᠭᠡᠵᠣ ᠳᠡᠮᠲᠡᠭᠯᠡᠭᠰᠡᠨ ᠪᠠᠶᠢᠨ᠎ᠠ᠃ ᠠᠯᠳᠠᠨ ᠣᠯᠣᠰ ᠤᠨ ᠡᠬᠢᠨ ᠤ | ᠦᠶ᠎ᠡ ᠳᠤ ᠳ᠋ᠠᠲ᠋ᠦ᠋ᠩ ᠳᠤ ︿ᠳᠠᠪᠣᠰᠣᠨ ᠶᠠᠪᠣᠳᠠᠯ ᠤᠨ ᠬᠡᠯᠳᠡᠰ﹀ ᠭᠡᠵᠣ ᠪᠠᠶᠢᠭᠤᠯᠵᠣ᠂ ᠰᠡᠭᠦᠯᠡᠷ ᠨᠢ ᠳᠠᠪᠣᠰᠣ | ᠵᠦᠭᠡᠭᠡᠪᠣᠷᠢᠯᠡᠭᠦ ᠶᠡᠭᠡᠳᠭᠦ ᠶᠢ ᠳᠠᠭᠠᠯᠳᠣᠨ ᠣᠳᠣᠬᠢ ᠳᠠᠶᠢᠹᠣᠰᠧ ᠬᠤᠰᠢᠭᠤ ᠪᠣᠯᠣᠨ ᠡᠾᠧᠪᠸᠢ ᠮᠣᠵᠢ ᠶᠢᠨ ᠭᠦ᠋ | ᠶᠣᠸᠠᠨ ᠰᠢᠶᠠᠨ ᠤ ᠬᠢᠵᠠᠭᠠᠷ ᠲᠤ ᠪᠠᠶᠢᠬᠤ ᠯᠢᠶᠠᠨ ᠴᠢᠩ ᠭᠡᠮᠡᠭᠦ ᠭᠠᠵᠠᠷ ᠰᠢᠯᠵᠢᠭᠦᠯᠵᠠᠢ ᠭᠡᠵᠣ ᠳᠡᠮᠳᠡᠭᠯᠡᠵᠣ ᠪᠣᠢ᠃ ︽ | ᠠᠯᠳᠠᠨ ᠣᠯᠣᠰ ᠤᠨ ᠳᠡᠣᠭᠡ︾ ᠶᠢᠨ ︿ᠭᠠᠵᠠᠷ ᠵᠦᠢ ᠶᠢᠨ ᠳᠡᠮᠳᠡᠭᠯᠡᠯ﹀ ᠳᠤ ︽᠂᠂᠂ ᠠᠯᠳᠠᠨ ᠣᠯᠣᠰ ᠤᠨ ᠵᠠᠩ | ᠴᠦᠩ᠂ ᠮᠢᠩ ᠴᠢᠩ ᠤᠨ ᠳᠣᠯᠣᠳᠣᠭᠠᠷ ᠣᠨ ︵ᠣᠨ ᠳᠣᠭᠠᠯᠠᠯ ᠤᠨ 1196 ᠣᠨ﹀ ᠳᠤ ᠭᠸᠣ ᠹᠦᠸᠧ ᠳᠤ ᠴᠧᠩ | ᠵᠸᠣ ᠪᠠᠶᠢᠭᠤᠯᠵᠣ᠂ ᠹᠦ᠋ ᠵᠸᠣ ᠳᠤ ᠬᠠᠷᠢᠶᠠᠯᠠᠭᠤᠯᠵᠠᠢ᠃ ᠲᠠᠢ ᠳ᠋ᠧ ᠶᠢᠨ ᠭᠤᠷᠪᠠᠳᠣᠭᠠᠷ ᠣᠨ ︵1203︶ ᠳᠤ ᠯᠢᠩ | ᠬᠤᠸᠠᠩ ᠣᠷᠳᠣᠨ ᠤ ᠵᠠᠮ ᠤᠨ ᠴᠢᠩ ᠵᠸᠣ ᠶᠢᠨ ᠶᠡᠭᠡ ᠳᠠᠪᠣᠰᠣᠨ ᠭᠤᠣᠯ ᠤᠨ ᠮᠠᠯᠵᠢᠯ ᠤᠨ ᠵᠣᠷᠭᠠᠨ ᠢ ᠪᠠᠶᠢᠭᠤᠯᠪᠠ᠂ | ᠂᠂︾ ᠭᠡᠵᠣ ᠳᠡᠮᠳᠡᠭᠯᠡᠵᠠᠢ᠃ ᠶᠣᠸᠠᠨ ᠣᠯᠣᠰ ᠤᠨ ᠡᠬᠢᠨ ᠤ ᠦᠶ᠎ᠡ ᠳᠤ ᠮᠦᠨ ᠠᠳᠡ ᠴᠢᠩ ᠵᠸᠣ ᠶᠢ ᠪᠠᠶᠢᠭᠤᠯᠣᠨ | ᠳᠠᠪᠣᠰᠣᠨ ᠶᠠᠪᠣᠳᠠᠯ ᠤᠨ ᠶᠠᠮᠣᠨ ᠭᠡᠵᠣ ᠭᠠᠷᠭᠠᠵᠠᠢ᠃ | | ᠮᠢᠩ ᠣᠯᠣᠰ ᠤᠨ ᠦᠶ᠎ᠠ ᠳᠤ ︽᠂᠂᠂ ᠴᠢᠩ ᠵᠸᠣ ᠶᠢᠨ ᠳᠠᠪᠣᠰᠣᠨ ᠶᠠᠪᠣᠳᠠᠯ ᠤᠨ ᠪᠠᠶᠢᠭᠤᠯᠣᠮᠵᠢ ᠶᠢ | ᠺᠠᠶᠢᠹᠧᠩ ᠸᠧᠢ ᠳᠤ ᠬᠠᠷᠢᠶᠠᠯᠠᠭᠤᠯᠵᠣ᠂ ᠰᠢᠣᠸᠠᠨ ᠳ᠋ᠧ ᠶᠢᠨ ᠭᠤᠷᠪᠠᠳᠣᠭᠠᠷ ᠣᠨ ︵1428 ᠣᠨ︶ ᠳᠤ | ᠰᠢᠯᠵᠢᠭᠦᠯᠣᠨ ᠦᠷᠣᠭᠡᠰᠣᠨ ᠴᠢᠯᠠᠭᠤᠨ ᠬᠠᠭᠠᠯᠭ᠎ᠠ ᠳᠤ ᠪᠠᠶᠢᠭᠤᠯᠣᠭᠠᠳ ᠬᠦᠢ ᠰᠦᠢ᠂ ᠶᠢᠨ ᠪᠸᠢ ᠵᠡᠷᠭᠡ ᠭᠠᠵᠠᠷ ᠲᠤ | ᠳᠠᠪᠣᠰᠣ ᠪᠣᠷᠣᠯᠠᠭᠤᠯᠬᠤ ᠠᠵᠢᠯ ᠢ ᠬᠢᠵᠣ ᠪᠠᠶᠢᠯ᠎ᠠ᠂᠂᠂︾ ᠭᠡᠵᠣ ᠳᠡᠮᠳᠡᠭᠯᠡᠵᠣ ᠪᠣᠢ᠃ ᠮᠥᠨ ᠬᠦ ᠮᠢᠩ ᠣᠯᠣᠰ ᠤᠨ | ᠦᠶ᠎ᠡ ᠶᠢᠨ ᠠᠯᠳᠠᠷᠳᠣ ᠡᠮᠴᠢ ᠯᠢ ᠱᠢ ᠵᠧᠨ ︽ᠡᠪᠡᠰᠣᠨ ᠡᠮ ᠤᠨ ᠳᠣᠪᠴᠢ︾ ᠳᠤ ᠪᠠᠨ ︽᠂᠂᠂ ᠠᠷᠣ ᠭᠠᠵᠠᠷ ᠤᠨ | ᠳᠠᠪᠣᠰᠣ ᠨᠢ ᠡᠮᠣᠨ᠎ᠡ ᠭᠠᠵᠠᠷ ᠤᠨ ᠳᠠᠪᠣᠰᠣ ᠯᠤᠭ᠎ᠠ ᠬᠡᠷᠡᠭᠴᠡᠭᠡ ᠠᠳᠠᠯᠢ ᠪᠣᠯᠪᠠᠴᠣ ᠰᠢᠷᠭᠠᠭᠠᠵᠣ ᠳᠣᠩᠭᠠᠭᠠᠬᠤ ᠭᠡᠷᠡᠭ | ᠦᠭᠡᠢ᠂ ᠠᠮᠳᠠᠳᠠᠢ ᠱᠣᠷᠪᠠᠭ ᠣᠴᠢᠷ ᠡᠮ ᠳᠤ ᠣᠷᠣᠬᠤᠢ ᠳᠤᠷ ᠣᠭᠢ ᠰᠠᠶᠢᠨ᠂᠂᠂︾ ᠭᠡᠵᠣ ᠳᠡᠮᠳᠡᠭᠯᠡᠵᠣ ᠪᠠᠶᠢᠨ᠎ᠠ᠃ | ᠴᠢᠩ ᠣᠯᠣᠰ ᠤᠨ ᠥᠶ᠎ᠡ ᠶᠢᠨ ᠵᠣᠬᠢᠶᠠᠯᠴᠢ ᠵᠢᠶᠠᠩ ᠯᠢᠶᠠᠩ ᠴᠢ ᠶᠢᠨ ᠨᠠᠶᠢᠷᠠᠭᠤᠯᠣᠭᠰᠠᠨ ︽ᠳ᠋ᠦᠩ ᠬᠤᠸᠠ ᠯᠤ᠋︾ | ᠭᠡᠮᠡᠭᠦ ᠳᠡᠮᠳᠡᠭᠯᠡᠯ ᠳᠤ ︽᠂᠂᠂ ᠭᠦᠬᠡ ᠳᠠᠪᠣᠰᠣ ᠪᠣᠯᠪᠠᠰᠣ ᠪᠠᠷᠠᠭᠤᠨ ᠦᠵᠣᠮᠣᠴᠢᠨ ᠬᠤᠰᠢᠭᠤᠨ ᠤ ᠨᠣᠳᠤᠭ ᠠᠴᠠ | ᠭᠠᠷᠣᠮᠣᠢ᠂ ᠨᠠᠭᠤᠷ ᠠᠨᠣ ᠵᠡᠭᠦᠨᠰᠢ ᠪᠠᠷᠠᠭᠤᠨᠰᠢ ᠵᠢᠷᠠᠨ ᠭᠠᠵᠠᠷ ᠰᠢᠬᠠᠮ᠂ ᠡᠮᠤᠨᠡᠰᠢ ᠣᠮᠠᠷᠠᠰᠢ ᠠᠷᠪᠠᠨ ᠭᠠᠵᠠᠷ ᠰᠢᠬᠠᠮ | ᠂᠂᠂︾ ᠭᠡᠵᠣ ᠪᠢᠴᠢᠭᠰᠡᠨ ᠪᠠᠶᠢᠳᠠᠭ᠃ | | ᠴᠢᠩ ᠣᠯᠣᠰ ᠤᠨ ᠳᠡᠣᠬᠡ ᠶᠢᠨ ᠨᠣᠣᠷᠠᠭ ᠲᠤ ᠳᠡᠮᠳᠡᠭᠯᠡᠭᠰᠡᠨ ᠢᠶᠠᠷ᠄ ᠲᠦᠭᠡᠮᠡᠯ ᠡᠯᠪᠡᠭᠳᠣ ᠶᠢᠨ ᠠᠷᠪᠠᠳᠣᠭᠠᠷ | ᠣᠨ ︵1862 ᠣᠨ︶ ᠳᠤ ᠡᠵᠢ ᠶᠢᠨ ᠳᠡᠪᠣᠰᠣ ᠶᠢ ᠶᠡᠭᠡ ᠬᠡᠮᠵᠢᠶ᠎ᠡ ᠪᠠᠷ ᠱᠠᠨᠰᠢ ᠮᠣᠵᠢ ᠶᠢᠨ ᠬᠤᠶᠢᠳᠣ ᠬᠡᠰᠡᠭ ᠲᠤ | ᠵᠦᠭᠡᠭᠡᠪᠣᠷᠢᠯᠡᠨ ᠣᠷᠣᠭᠤᠯᠵᠣ ᠪᠠᠶᠢᠯ᠎ᠠ ᠭᠡᠵᠣ ᠳᠡᠮᠳᠡᠭᠯᠡᠵᠡᠢ᠃ | ︽ᠦᠪᠣᠷ ᠮᠣᠩᠭᠤᠯ ᠤᠨ ᠳᠠᠪᠣᠰᠣᠨ ᠣᠶᠢᠯᠡᠰ ᠤᠨ ᠳᠡᠣᠭᠡ︾ ᠳᠤ ︽᠂᠂᠂ ᠴᠢᠩ ᠣᠯᠣᠰ ᠤᠨ | ᠦᠶ᠎ᠡ ᠳᠤ ᠭᠦᠭᠡ ᠳᠠᠪᠣᠰᠣ ᠶᠢ ᠴᠠᠬᠠᠷ ᠮᠣᠵᠢ ᠿᠧ ᠾᠧ ᠮᠣᠵᠢ ᠳᠤ ᠬᠤᠳᠠᠯᠳᠣᠨ ᠪᠣᠷᠣᠯᠠᠭᠤᠯᠵᠣ ᠪᠠᠶᠢᠬᠤ ᠠᠴᠠ | ᠭᠠᠳᠠᠨ᠎ᠠ ᠱᠠᠨᠰᠢ ᠮᠣᠵᠢ ᠶᠢᠨ ᠶᠢᠨ ᠪᠸᠢ ᠣᠷᠴᠢᠮ ᠢᠶᠠᠷ ᠬᠤᠳᠠᠯᠳᠣᠨ ᠪᠣᠷᠣᠯᠠᠭᠤᠯᠵᠣ ᠪᠠᠶᠢᠪᠠ᠂᠂᠂︾ ᠭᠡᠵᠣ | ᠳᠡᠮᠳᠡᠭᠯᠡᠵᠣ ᠪᠣᠢ᠃ ︽ᠴᠠᠬᠠᠷ ᠮᠣᠵᠢ ᠶᠢᠨ ᠳᠡᠮᠳᠡᠭᠯᠡᠯ︾ ᠳᠤ ︽᠂᠂᠂ ᠮᠣᠩᠭᠤᠯ ᠳᠠᠪᠣᠰᠣ ᠪᠣᠯ ᠰᠢᠯᠢ ᠶᠢᠨ | ᠭᠤᠣᠯ ᠤᠨ ᠮᠠᠰᠢ ᠶᠡᠭᠡ ᠡᠬᠢ ᠪᠠᠶᠠᠯᠢᠭ ᠪᠦᠭᠡᠳ ᠪᠠᠶᠢᠭᠠᠯᠢ ᠶᠢᠨ ᠣᠨᠴᠠ ᠭᠠᠷᠤᠯᠳᠠ ᠳᠣᠯᠠ ᠡᠳᠣᠭᠡ ᠳᠡᠮᠳᠡᠭᠯᠡᠵᠤᠭᠦᠢ | ᠂ ᠡᠨᠡ ᠭᠠᠵᠠᠷ ᠠᠨᠣ ᠰᠢᠯᠢ ᠶᠢᠨ ᠭᠤᠣᠯ ᠴᠢᠭᠤᠯᠭᠠᠨ ᠤ ᠭᠡᠮᠵᠢᠶ᠎ᠠ ᠳᠤ ᠪᠠᠶᠢᠬᠤ ᠣᠴᠢᠷ ᠠᠴᠠ ᠳᠡᠭᠦᠨ ᠢ ᠡᠵᠡᠮᠰᠢᠭᠦ | ᠡᠷᠭᠡ ᠠᠨᠣ ᠮᠣᠩᠭᠤᠯᠴᠣᠳ ᠤᠨ ᠭᠠᠷ ᠲᠤ ᠪᠣᠢ᠂᠂᠂︾ ᠭᠡᠵᠣ ᠳᠣᠳᠣᠷᠬᠠᠢ ᠪᠢᠴᠢᠭᠰᠡᠨ ᠪᠠᠶᠢᠳᠠᠭ᠃ | | ᠠ᠊᠂ ᠮᠣ᠂ ᠫᠣᠽᠳ᠋ᠨᠢᠶᠡᠫ ᠶᠢᠨ ︽ᠮᠣᠩᠭᠤᠯ ᠪᠠ ᠮᠣᠩᠭᠤᠯᠴᠣᠳ︾ ᠬᠡᠮᠡᠭᠦ ᠵᠢᠭᠤᠯᠴᠢᠯᠡᠯ ᠤᠨ | ᠳᠡᠮᠳᠡᠭᠯᠡᠯ ᠤᠨ ︿ᠴᠢᠭᠤᠯᠣᠯᠳᠣ ᠬᠠᠭᠠᠯᠭ᠎ᠠ﹀ ᠭᠡᠭᠦ ᠪᠦᠯᠦᠭ ᠳᠤ᠄ ︽ᠴᠢᠭᠤᠯᠣᠯᠳᠣ ᠬᠠᠭᠠᠯᠭ᠎ᠠ ᠳᠤ ᠭᠡᠳᠣᠨ ᠶᠡᠭᠡ | ᠳᠠᠪᠣᠰᠣᠨ ᠬᠤᠳᠠᠯᠳᠤᠭᠠᠨ ᠤ ᠪᠠᠭᠤᠳᠠᠯ ᠪᠠ ᠫᠦᠰᠡ ᠪᠠᠶᠢᠨ᠎ᠠ᠃ ᠴᠢᠭᠤᠯᠣᠯᠳᠣ ᠬᠠᠭᠠᠯᠭ᠎ᠠ ᠳᠤ ᠳᠠᠪᠣᠰᠣ | ᠵᠦᠭᠡᠭᠡᠪᠣᠷᠢᠯᠡᠨ ᠣᠷᠣᠭᠤᠯᠵᠣ ᠪᠠᠶᠢᠭ᠎ᠠ ᠨᠢ ᠮᠠᠯᠵᠢᠬᠤ ᠣᠷᠣᠨ ᠤ ᠠᠪᠠᠭ᠎ᠠ᠂ ᠠᠪᠠᠭ᠋ᠠᠨᠠᠷ᠂ ᠬᠤᠶᠡᠷ ᠬᠠᠭᠤᠴᠢᠳ᠂ | ᠬᠤᠶᠡᠷ ᠰᠦᠨᠢᠳ᠂ ᠬᠤᠶᠡᠷ ᠦᠵᠣᠮᠣᠴᠢᠨ ᠬᠤᠰᠢᠭᠤ ᠨᠤᠭᠤᠳ ᠪᠣᠯᠣᠨ᠎ᠠ᠃ ᠴᠢᠭᠤᠯᠣᠯᠳᠣ ᠬᠠᠭᠠᠯᠭ᠎ᠠ ᠳᠤ | ᠵᠠᠰᠠᠭ ᠤᠨ ᠣᠷᠳᠣᠨ ᠠᠴᠠ ᠳᠡᠮᠳᠡᠭ ᠪᠢᠴᠢᠭ ᠲᠠᠢ ᠳᠠᠪᠣᠰᠣ ᠪᠣᠷᠣᠯᠠᠭᠤᠯᠬᠤ ᠬᠤᠳᠠᠯᠳᠣᠭᠠᠴᠢᠨ ᠡᠷᠣᠭᠡ ᠤᠳ | ᠪᠠᠶᠢᠭᠰᠠᠨ ᠶᠣᠮ︾᠃ ︽᠂᠂᠂ ᠳ᠋ᠧ ᠮᠣ᠋ ᠬᠤᠵᠢᠷ ᠤᠨ ᠫᠦᠰᠡ᠂ ᠳ᠋ᠧ ᠶᠦᠨ ᠬᠤᠵᠢᠷ ᠤᠨ ᠫᠦᠰᠡ᠂ ᠶᠣᠸᠠᠨ ᠯᠦᠩ | ᠬᠤᠵᠢᠷ ᠤᠨ ᠫᠦᠰᠡ᠂ ᠴᠢᠣᠸᠠᠨ ᠴᠧᠩ ᠬᠤᠵᠢᠷ ᠤᠨ ᠫᠦᠰᠡ᠂ ᠳ᠋ᠧ ᠶᠠᠨ ᠬᠤᠵᠢᠷ ᠤᠨ ᠫᠦᠰᠡ᠂ ᠲᠢᠶᠡᠨ ᠳ᠋ᠧ | ᠬᠤᠵᠢᠷ ᠤᠨ ᠫᠦᠰᠡ᠂ ᠶᠤᠸᠡᠨ ᠰᠧᠩ ᠬᠤᠵᠢᠷ ᠤᠨ ᠫᠦᠰᠡ᠂ ᠲᠠᠢ ᠴᠧᠩ ᠬᠤᠵᠢᠷ ᠤᠨ ᠫᠦᠰᠡ᠂ ᠢᠣᠢ ᠶᠣᠸᠠᠨ | ᠬᠤᠵᠢᠷ ᠤᠨ ᠫᠦᠰᠡ ᠵᠡᠷᠭᠡ ᠤᠳ ᠢ ᠨᠡᠷ᠎ᠡ ᠲᠣᠷᠠᠳᠴᠣ ᠪᠣᠯᠣᠨ᠎ᠠ᠃ ᠡᠳᠡᠭᠡᠷ ᠫᠦᠰᠡ ᠤᠳ ᠪᠠᠰᠠ ᠴᠠᠬᠠᠷ ᠤᠨ | ᠰᠢᠯᠣᠭᠤᠨ ᠭᠦᠬᠡ᠂ ᠰᠢᠯᠣᠭᠤᠨ ᠭᠦᠪᠡᠭᠡᠳᠣ ᠴᠠᠭᠠᠨ ᠬᠤᠰᠢᠭᠤᠨ ᠤ ᠮᠠᠯᠵᠢᠯ ᠤᠨ ᠭᠠᠵᠠᠷ ᠨᠣᠳᠤᠭ ᠤᠨ ᠬᠤᠵᠢᠷ᠂ | ᠲᠠᠷᠣᠢ ᠬᠤᠯᠢᠮᠠᠭ ᠡᠳ᠋ ᠢ ᠨᠢ ᠠᠷᠢᠯᠭᠠᠭᠰᠠᠨ ᠦᠭᠡᠢ ᠨᠡᠭᠦᠷᠡᠰᠣᠳᠦᠷᠦᠭᠴᠢ ᠭᠦᠴᠢᠯ ᠤᠨ ᠨᠡᠲ᠋ᠡᠷᠢ ᠶᠢ ᠬᠤᠳᠠᠯᠳᠣᠨ | ᠠᠪᠴᠣ ᠪᠣᠯᠪᠠᠰᠣᠷᠠᠭᠤᠯᠬᠤ ᠪᠦᠭᠡᠳ ᠣᠶᠢᠯᠡᠳᠪᠣᠷᠢᠯᠡᠵᠣ ᠪᠣᠢ᠃ ᠮᠥᠨ ᠬᠦ ᠲᠡᠭᠦᠨ ᠤ ᠳᠤᠭ᠎ᠠ ᠬᠡᠮᠵᠢᠶ᠎ᠡ ᠨᠢ | ᠨᠡᠯᠢᠶᠡᠳ ᠶᠡᠭᠡ ᠪᠠᠶᠢᠳᠠᠭ᠂ ᠪᠣᠳᠠᠳᠡᠢ ᠢᠶᠠᠷ ᠬᠡᠯᠡᠪᠡᠯ᠂ 1892 ᠣᠨ ᠳᠤ ᠡᠨᠡ ᠠᠷᠪᠠᠨ ᠳᠠᠪᠣᠰᠣᠨ ᠫᠦᠰᠡ ᠶᠢᠨ | ᠬᠤᠳᠠᠯᠳᠣᠨ ᠠᠪᠴᠣ ᠭᠦᠮᠣᠷᠭᠡ ᠳᠤ ᠣᠷᠣᠭᠤᠯᠣᠭᠰᠠᠨ ᠳᠠᠪᠣᠰᠣ ᠬᠤᠵᠢᠷ ᠭᠤᠷᠪᠠᠨ ᠳᠦᠮᠡ ᠨᠠᠢᠮᠠᠨ ᠮᠢᠩᠭᠠᠨ | ᠳᠡᠷᠭᠡ ᠠᠴᠠ ᠭᠤᠷᠪᠡᠨ ᠲᠦᠮᠡ ᠶᠢᠰᠣᠨ ᠮᠢᠩᠭᠠᠨ ᠳᠡᠷᠭᠡ ᠭᠦᠷᠣᠭ᠍ᠰᠡᠨ ᠪᠠᠶᠢᠨ᠎ᠠ᠂᠂᠂᠂ ᠦᠭᠡᠷ᠎ᠡ ᠪᠠᠰᠠ ᠵᠠᠷᠢᠮ | ᠳᠠᠪᠣᠰᠣ ᠶᠢᠨ ᠬᠤᠳᠣᠯᠳᠣᠭᠠᠴᠢᠨ ᠴᠣᠯᠣ ᠬᠤᠵᠢᠷ ᠪᠠ ᠭᠦᠬᠡ ᠳᠠᠪᠣᠰᠣ ᠬᠤᠳᠠᠯᠳᠣᠨ ᠠᠪᠴᠣ ᠳᠣᠳᠣᠷ᠎ᠠ ᠭᠠᠵᠠᠷ | ᠵᠦᠭᠡᠭᠡᠪᠣᠷᠢᠯᠡᠨ ᠪᠣᠷᠣᠯᠠᠭᠤᠯᠵᠣ ᠪᠠᠶᠢᠬᠤ ᠳᠤᠭ᠎ᠠ ᠨᠢ ᠪᠠᠭ᠎ᠠ ᠪᠣᠯᠪᠠᠴᠣ ᠠᠰᠢᠭ ᠬᠤᠨᠵᠢᠪᠣᠷᠢ ᠰᠠᠶᠢᠨ ᠪᠠᠶᠢᠳᠠᠭ᠂᠂᠂᠂ | ︾ ᠬᠡᠵᠤ ᠠᠷᠪᠠ ᠶᠢᠰᠣᠳᠦᠭᠡᠷ ᠵᠠᠭᠤᠨ ᠤ ᠦᠶ᠎ᠡ ᠶᠢᠨ ᠴᠢᠩ ᠣᠯᠣᠰ ᠠᠴᠠ ᠴᠢᠭᠤᠯᠣᠯᠳᠣ ᠬᠠᠭᠠᠯᠭ᠎ᠠ ᠳᠤ ᠬᠢᠷᠢ | ᠵᠡᠷᠭᠡ ᠶᠢᠨ ᠳᠠᠪᠣᠰᠣᠨ ᠬᠤᠳᠣᠯᠳᠤᠭ᠎ᠠ ᠡᠷᠬᠢᠯᠡᠵᠣ ᠪᠠᠶᠢᠭᠰᠠᠨ ᠢ ᠳᠣᠳᠣᠷᠬᠠᠢ ᠨᠠᠷᠢᠨ ᠳᠠᠮᠳᠡᠭᠯᠡᠵᠣ ᠦᠯᠡᠳᠡᠭᠡᠭᠰᠡᠨ | ᠪᠠᠶᠢᠨ᠎ᠠ᠃ | | ︽ᠮᠣᠩᠭᠤᠯ ᠪᠠ ᠮᠣᠩᠭᠤᠯᠴᠣᠳ︾ ᠭᠡᠭᠦ ᠨᠣᠮ ᠳᠤ ︽᠂᠂᠂ ᠮᠢᠨᠣ ᠦᠵᠡᠭᠦ ᠪᠠᠷ ᠳᠣᠭᠤᠷᠢᠭᠠᠳ 5 | ᠸᠧᠷᠰᠲ᠋ᠠ ᠭᠠᠵᠠᠷ ᠠᠴᠠ ᠳᠠᠪᠠᠭ᠋ᠣ ᠦᠭᠡᠢ᠂ ᠰᠣᠨᠣᠰᠣᠯᠳᠠ ᠪᠠᠷ ᠡᠵᠢ ᠨᠠᠭᠤᠷ ᠤᠨ ᠳᠠᠪᠣᠰᠣ ᠨᠢ ᠪᠦᠭᠦ ᠦᠪᠣᠷ | ᠮᠣᠩᠭᠤᠯ ᠳᠠᠭᠠᠨ ᠬᠠᠮᠤᠭ ᠤᠨ ᠰᠠᠶᠢᠨ᠂ ᠶᠡᠷᠣ ᠶᠢᠨ ᠳᠠᠪᠣᠰᠣᠨ ᠨᠠᠭᠤᠷ ᠤᠨ ᠳᠠᠪᠣᠰᠣ ᠠᠴᠠ ᠬᠤᠯᠠ ᠰᠠᠶᠢᠨ ᠪᠠᠶᠢᠳᠠᠭ | ᠭᠡᠨ᠎ᠡ᠃ ᠨᠠᠭᠤᠷ ᠤᠨ ᠪᠠᠶᠢᠷᠢᠰᠢᠯ ᠨᠢ ᠶᠠᠭ ᠰᠠᠶᠢᠬᠠᠨ ᠬᠠᠭᠤᠴᠢᠳ ᠵᠡᠭᠦᠨ ᠭᠠᠷᠣᠨ ᠬᠤᠰᠢᠭᠤ ᠪᠣᠯᠣᠨ ᠦᠵᠣᠮᠣᠴᠢᠨ | ᠬᠤᠰᠢᠭᠤᠨ ᠤ ᠠᠭᠤᠯᠵᠠᠷ ᠳᠡᠭᠡᠷ᠎ᠡ ᠪᠠᠶᠢᠬᠤ ᠳᠣᠯᠠ ᠠᠳᠠᠯᠢᠬᠠᠨ ᠬᠠᠭᠤᠴᠢᠳ ᠤᠨ ᠡᠷᠳᠡᠨᠢ ᠸᠠᠩ ᠳᠤ ᠬᠠᠮᠢᠶᠠᠷᠣᠭᠳᠠᠬᠤ | ᠮᠦᠷᠳᠡᠭᠡᠨ ᠪᠠᠰᠠ ᠦᠵᠣᠮᠣᠴᠢᠨ ᠸᠠᠩ ᠳᠤ ᠴᠦ ᠬᠠᠮᠢᠶᠠᠷᠣᠭᠳᠠᠨ᠎ᠠ᠂ ᠡᠨᠡ ᠬᠤᠶᠡᠷ ᠬᠤᠰᠢᠭᠤᠨ ᠤ ᠬᠤᠰᠢᠭᠤ | ᠶᠠᠮᠣᠨ ᠠᠴᠠ ᠪᠦᠷ ᠦᠪᠡᠷ ᠦᠪᠡᠷᠰᠡᠳ ᠤᠨ ᠳᠡᠭᠠᠭᠠᠮᠠᠯ ᠢᠶᠠᠨ ᠳᠣᠮᠢᠯᠠᠵᠣ ᠳᠠᠪᠣᠰᠣᠨ ᠭᠠᠶᠢᠯᠢ ᠬᠤᠷᠢᠶᠠᠳᠠᠭ᠂ | ᠦᠵᠣᠮᠣᠴᠢᠨ ᠸᠠᠩ ᠪᠣᠯᠣᠨ ᠬᠠᠭᠤᠴᠢᠳ ᠸᠠᠩ ᠤᠨ ᠬᠤᠰᠢᠭᠤᠨ ᠤ ᠠᠷᠠᠳ ᠪᠣᠯ ᠨᠠᠭᠤᠷ ᠤᠨ ᠡᠵᠡᠨ ᠪᠤᠯᠬᠤ ᠳᠣᠯᠠ | ᠳᠠᠪᠣᠰᠣ ᠬᠠᠳᠠᠭᠠᠬᠤ ᠪᠣᠶᠣ ᠭᠠᠳᠠᠭᠰᠢ ᠪᠠᠨ ᠳᠡᠭᠡᠭᠡᠪᠣᠷᠢᠯᠡᠭᠦ ᠳᠤ ᠶᠠᠮᠠᠷ ᠴᠦ ᠭᠠᠶᠢᠯᠠᠢ ᠳᠣᠰᠢᠶᠠᠳᠠᠭ ᠦᠭᠡᠢ᠂ ᠪᠠᠭ᠎ᠠ | ᠦᠵᠣᠮᠣᠴᠢᠨ ᠬᠤᠰᠢᠭᠤᠨ ᠤ ᠭᠦᠮᠣᠨ ᠠᠴᠠ ᠴᠦ ᠠᠳᠠᠯᠢᠬᠠᠨ ᠶᠠᠮᠠᠷ ᠴᠦ ᠭᠠᠶᠢᠯᠢ ᠬᠤᠷᠢᠶᠠᠳᠠᠭ ᠦᠭᠡᠢ᠂᠂᠂᠂︾ | ᠪᠠᠭᠴᠠᠯᠠᠭᠠᠳ ᠬᠡᠯᠡᠪᠡᠯ ᠬᠠᠷᠢ ᠦᠨᠳᠣᠰᠣᠳᠠᠨ ᠪᠣᠯᠣᠨ ᠭᠠᠳᠠᠨ᠎ᠠ ᠬᠤᠰᠢᠭᠤᠨ ᠤ ᠭᠦᠮᠣᠰ ᠠᠴᠠ ᠯᠠ ᠰᠠᠶ᠋ᠢ ᠭᠠᠶᠢᠯᠢ | ᠳᠠᠳᠠᠪᠣᠷᠢᠯᠠᠨᠠ᠂ ᠭᠠᠶᠢᠯᠢ ᠶᠢᠨ ᠬᠡᠮᠵᠢᠶ᠎ᠡ ᠨᠢ ᠴᠦ ᠠᠳᠠᠯᠢ ᠦᠭᠡᠢ ᠪᠠᠶᠢᠳᠠᠭ᠃ ᠬᠠᠮᠤᠭ ᠤᠨ ᠰᠣᠨᠢᠷᠬᠠᠯᠳᠠᠢ ᠨᠢ ᠭᠡᠪᠡᠯ | ᠂ ᠭᠠᠶᠢᠯᠢ ᠶᠢᠨ ᠨᠣᠷᠮ᠎ᠠ ᠶᠢ ᠬᠤᠳᠠᠯᠳᠣᠨ ᠠᠪᠣᠭᠰᠠᠨ ᠳᠠᠪᠣᠰᠣᠨ ᠤ ᠬᠡᠮᠵᠢᠶ᠎ᠡ ᠪᠠᠷ ᠳᠣᠭᠳᠠᠭᠠᠬᠤ ᠪᠢᠰᠢ ᠬᠠᠷᠢᠨ | ᠬᠤᠳᠠᠯᠳᠣᠨ ᠠᠪᠣᠭᠴᠢ ᠨᠢ ᠠᠯᠢ ᠬᠤᠰᠢᠭᠤᠨ ᠤ ᠭᠦᠮᠣᠨ ᠪᠣᠯᠬᠤ ᠶᠢ ᠦᠵᠡᠵᠣ ᠳᠣᠭᠳᠠᠭᠠᠨ᠎ᠠ᠂ ᠨᠢᠭᠡ ᠳᠡᠷᠭᠡ | ᠳᠠᠪᠣᠰᠣ ᠳᠡᠭᠡᠭᠡᠪᠣᠷᠢᠯᠡᠭᠦ ᠳᠤ ᠪᠠᠭᠠᠷᠢᠨ ᠵᠡᠭᠦᠨ ᠬᠤᠰᠢᠭᠤᠨ ᠤ ᠭᠦᠮᠣᠨ ᠠᠴᠠ ᠳᠦᠷᠪᠡᠨ ᠴᠢᠨ ᠮᠦᠩᠭᠦ ᠬᠤᠷᠢᠶᠡᠵᠣ᠂ | ᠬᠡᠰᠢᠭᠲᠡᠨ ᠬᠤᠰᠢᠭᠤᠨ ᠤ ᠭᠦᠮᠣᠨ ᠠᠴᠠ ᠭᠤᠷᠪᠠᠨ ᠴᠢᠨ ᠮᠦᠩᠭᠦ ᠬᠤᠷᠢᠶᠡᠨ᠎ᠠ᠂ ᠳᠦᠷᠪᠡᠨ ᠠᠪᠠᠭ᠎ᠠ ᠬᠤᠰᠢᠭᠤᠨ ᠤ | ᠬᠦᠮᠣᠨ ᠠᠴᠠ ᠬᠤᠶᠡᠷ ᠴᠢᠨ ᠮᠦᠩᠭᠦ ᠬᠤᠷᠢᠶᠠᠨ᠎ᠠ᠂᠂᠂᠂ ᠬᠠᠯᠬ᠎ᠠ ᠶᠢᠨ ᠵᠠᠰᠠᠭᠳᠣ ᠬᠤᠰᠢᠭᠤᠨ ᠤ ᠬᠦᠮᠣᠰ ᠤᠨ | ᠨᠣᠳᠤᠭ ᠨᠢ ᠬᠡᠳᠦ᠋ᠢᠪᠡᠷ ᠨᠠᠭᠤᠷ ᠠᠴᠠ ᠳᠣᠩ ᠣᠶᠢᠷᠠᠬᠠᠨ ᠪᠠᠶᠢᠳᠠᠭ ᠪᠣᠯᠪᠠᠴᠣ ᠨᠠᠭᠤᠷ ᠤᠨ ᠳᠠᠪᠣᠰᠣ ᠶᠢ ᠶᠠᠷᠣ ᠠᠴᠠ | ᠳᠡᠭᠡᠭᠡᠪᠣᠷᠢᠯᠡᠵᠣ ᠪᠣᠯᠳᠠᠭ ᠦᠭᠡᠢ ᠶᠤᠮ᠂ ᠳᠣᠰ ᠨᠠᠭᠤᠷ ᠠᠴᠠ ᠭᠠᠳᠠᠭᠰᠢ ᠳᠡᠭᠡᠭᠡᠪᠣᠷᠢᠯᠠᠵᠣ ᠭᠠᠷᠭᠠᠬᠤ ᠳᠠᠪᠣᠰᠣᠨ ᠤ | ᠬᠡᠮᠵᠢᠶ᠎ᠠ ᠶᠢᠨ ᠳᠣᠬᠠᠢ ᠠᠳᠡᠭᠢ ᠳᠠᠭᠠᠭᠠᠮᠠᠯ ᠤᠨ ᠬᠡᠯᠡᠭᠦ ᠪᠠᠷ ︽ᠵᠦᠪᠬᠡᠨ ᠭᠠᠶᠢᠯᠢ ᠳᠣᠰᠢᠶᠠᠭᠰᠠᠨ ᠳᠠᠪᠣᠰᠣᠨ | ᠳᠡᠷᠭᠡ ᠨᠢ ᠨᠠᠶᠢᠳᠡ ᠬᠤᠷᠢᠨ ᠬᠤᠶᠡᠷ ᠳᠦᠮᠡ ᠳᠤ ᠭᠦᠷᠴᠣ ᠭᠠᠶᠢᠯᠢ ᠬᠡᠯᠳᠣᠷᠢᠭᠦᠯᠣᠭ᠍ᠰᠡᠨ ᠳᠠᠪᠣᠰᠣᠨ ᠳᠡᠷᠭᠡ ᠶᠢᠨ | ᠳᠤᠭ᠎ᠠ ᠶᠢ ᠠᠪᠣᠭᠰᠠᠨ ᠭᠦᠮᠣᠨ ᠦᠭᠡᠢ ᠳᠣᠯᠠ ᠭᠡᠳᠣᠢ ᠪᠠᠶᠢᠬᠤ ᠶᠢ ᠮᠡᠳᠡᠭᠦ ᠠᠷᠭ᠎ᠠ ᠦᠭᠡᠢ ᠭᠡᠨ᠎ᠠ︾ ᠭᠡᠵᠡᠢ᠃ | ᠳᠣᠮᠳᠠᠳᠣ ᠢᠷᠭᠡᠨ ᠣᠯᠣᠰ ᠤᠨ ᠦᠶ᠎ᠡ 1913 ᠣᠨ ᠳᠤ ᠳᠠᠪᠣᠰᠣᠨ ᠶᠠᠪᠣᠳᠠᠯ ᠤᠨ ᠳᠣᠪᠴᠢᠶ᠎ᠠ ᠠᠴᠠ | ᠳᠣᠯᠣᠨ ᠨᠠᠭᠤᠷ ᠲᠤ ᠪᠣᠭᠤᠮᠳᠠ ᠶᠢᠨ ᠣᠮᠠᠷᠠᠰᠢ ᠳᠠᠪᠣᠰᠣ ᠵᠦᠭᠡᠭᠡᠪᠣᠷᠢᠯᠡᠭᠦ ᠳᠣᠪᠴᠢᠶ᠎ᠠ ᠪᠠᠶᠢᠭᠤᠯᠣᠨ ᠮᠣᠩᠭᠤᠯ | ᠣᠷᠣᠨ ᠤ ᠳᠠᠪᠣᠰᠣ ᠬᠤᠳᠠᠯᠳᠣᠨ ᠠᠪᠬᠤ ᠠᠵᠢᠯ ᠢ ᠭᠠᠭᠴᠠᠭᠠᠷ ᠡᠵᠡᠮᠰᠢᠵᠣ ᠪᠠᠶᠢᠵᠠᠢ᠃ ᠳᠣᠮᠳᠠᠳᠣ ᠢᠷᠭᠡᠨ | ᠣᠯᠣᠰ ᠤᠨ ᠭᠤᠷᠪᠠᠳᠣᠭᠠᠷ ᠣᠨ ︵1914︶ ᠳᠤ ᠳᠡᠭᠡᠷᠡᠭᠢ ᠪᠠᠶᠢᠭᠤᠯᠭ᠎ᠠ ᠪᠠᠨ ᠬᠠᠰᠣᠵᠣ ᠳᠣᠯᠣᠨ ᠨᠠᠭᠤᠷ ᠲᠤ | ᠪᠣᠭᠤᠮᠳᠠ ᠶᠢᠨ ᠣᠮᠠᠷᠠᠳᠣ ᠶᠢᠨ ᠮᠣᠩᠭᠤᠯ ᠳᠠᠪᠣᠰᠣ ᠶᠢᠨ ᠳᠣᠪᠴᠢᠶ᠎ᠠ ᠭᠡᠵᠣ ᠪᠠᠶᠢᠭᠤᠯᠣᠭᠠᠳ ᠭᠠᠶᠢᠯᠢ ᠳᠡᠳᠠᠪᠣᠷᠢ | ᠬᠤᠷᠢᠶᠠᠵᠣ ᠪᠠᠶᠢᠵᠠᠢ᠃ ᠳᠣᠮᠳᠠᠳᠣ ᠢᠷᠭᠡᠨ ᠣᠯᠣᠰ ᠤᠨ ᠳᠠᠪᠣᠳᠣᠭᠠᠷ ᠣᠨ ︵1916﹀ ᠳᠤ ᠪᠠᠷᠠᠭᠤᠨ | ᠦᠵᠣᠮᠣᠴᠢᠨ ᠬᠤᠰᠢᠭᠤ᠂ ᠵᠡᠭᠦᠨ ᠬᠠᠭᠤᠴᠢᠳ ᠬᠤᠰᠢᠭᠤ ᠲᠠᠢ ᠳᠠᠪᠣᠰᠣ ᠠᠪᠬᠤ ᠭᠡᠷ᠎ᠡ ᠳᠣᠭᠳᠠᠭᠠᠵᠣ ᠡᠵᠢ | ᠨᠠᠭᠤᠷ ᠤᠨ ᠳᠠᠪᠣᠰᠣ ᠶᠢ ᠵᠡᠭᠦᠨ ᠭᠤᠷᠪᠠᠨ ᠮᠣᠵᠢ ᠪᠠ ᠮᠣᠩᠭᠤᠯ ᠣᠯᠣᠰ ᠤᠨ ᠭᠡᠰᠡᠭ ᠭᠠᠵᠠᠷ ᠲᠤ ᠬᠤᠳᠠᠯᠳᠣᠬᠤ ᠶᠢ | ᠵᠦᠪᠰᠢᠶᠠᠷᠡᠭᠰᠡᠨ ᠪᠠᠶᠢᠳᠠᠭ᠃ ᠮᠥᠨ ᠬᠦ 1932 ᠣᠨ ᠳᠤ ᠶᠠᠫᠣᠨ ᠤ ᠮᠦᠺᠡᠰᠣ ᠭᠡᠳᠡᠭ ᠭᠦᠮᠣᠨ ᠡᠵᠢ ᠨᠠᠭᠤᠷ ᠤᠨ | ᠳᠠᠪᠣᠰᠣ ᠶᠢ ᠪᠠᠶᠢᠴᠠᠭᠠᠵᠣ ᠦᠵᠡᠭᠡᠳ ︽ᠡᠵᠢ ᠨᠠᠭᠤᠷ ᠤᠨ ᠳᠠᠪᠣᠰᠣ ᠪᠣᠯ ᠬᠠᠳᠠ ᠳᠠᠪᠣᠰᠣ ᠮᠦᠨ᠂ ᠬᠤᠵᠢᠮ ᠳᠠᠭᠠᠨ | ᠣᠯᠠᠨ ᠭᠠᠵᠠᠷ ᠵᠦᠭᠡᠭᠡᠪᠣᠷᠢᠯᠡᠭᠦ ᠪᠣᠯᠣᠨ᠎ᠠ︾ ᠭᠡᠵᠣ ᠬᠡᠯᠡᠭᠰᠡᠨ ᠪᠠᠶᠢᠳᠠᠭ᠃ | | ᠡᠵᠢ ᠨᠠᠭᠤᠷ ᠨᠢ ᠣᠣᠯ ᠤᠨ ᠦᠵᠣᠮᠣᠴᠢᠨ ᠪᠠᠷᠠᠭᠤᠨ ᠭᠠᠷᠣᠨ ᠬᠤᠰᠢᠭᠤᠨ ᠤ ᠪᠠᠷᠠᠭᠤᠨ ᠬᠤᠶᠢᠳᠣ ᠵᠠᠬ᠎ᠠ᠂ | ᠵᠡᠬᠦᠨ ᠬᠠᠭᠤᠴᠢᠳ ᠬᠤᠰᠢᠭᠤᠨ ᠤ ᠵᠡᠭᠦᠨ ᠳᠠᠯ᠎ᠠ ᠳᠤ ᠪᠠᠶᠢᠷᠢᠰᠢᠵᠣ ᠳᠣᠰ ᠬᠤᠶᠡᠷ ᠬᠤᠰᠢᠭᠤᠨ ᠠᠴᠠ ᠨᠢᠭᠡᠳᠣᠯᠳᠠᠢ | ᠬᠠᠮᠢᠶᠠᠷᠴᠣ ᠪᠠᠶᠢᠵᠠᠢ᠃ ᠣᠳᠣ ᠶᠢᠨ ᠰᠢᠯᠢ ᠶᠢᠨ ᠭᠤᠣᠯ ᠠᠶᠢᠮᠠᠭ ᠤᠨ ᠵᠡᠭᠦᠨ ᠥᠵᠥᠮᠥᠴᠢᠨ ᠬᠤᠰᠢᠭᠤᠨ ᠤ | ᠡᠵᠢᠨᠠᠭᠤᠷ ᠪᠠᠯᠭᠠᠰᠣᠨ ᠲᠥᠪ ᠶᠢᠨ ᠪᠠᠷᠠᠭᠤᠨ ᠲᠠᠯ᠎ᠠ ᠳᠤ ᠣᠷᠣᠰᠢᠨ᠎ᠠ᠃ | ᠡᠵᠢ ᠨᠠᠭᠤᠷ ᠨᠢ ᠰᠣᠩᠭᠢᠨ᠎ᠠ ᠠᠭᠤᠯᠠ᠂ ᠨᠣᠭᠤᠭᠠᠨ ᠣᠳᠠᠢ᠂ ᠳᠦᠰᠢ ᠶᠢᠨ ᠠᠭᠤᠯᠠ ᠪᠠᠷ ᠭᠦᠷᠢᠶᠡᠯᠡᠭᠦᠯᠵᠣ | ᠂ ᠡᠳᠡᠭᠡᠷ ᠠᠭᠤᠯᠠᠨ ᠳᠤ ᠪᠣᠯᠣᠷ ᠴᠢᠯᠠᠭᠤ᠂ ᠡᠷᠭᠦᠯ ᠮᠥᠷᠭᠦᠯ ᠤᠨ ᠰᠢᠷᠭᠤᠭᠤᠯ ᠬᠠᠳᠠ᠂ ᠣᠭ᠍ᠶᠣ ᠬᠠᠳᠠ᠂ ᠡᠨᠡᠷᠢᠯ | ᠠᠪᠣᠷᠠᠯ ᠤᠨ ᠰᠡᠨᠵᠢ ᠬᠠᠳᠠ᠂ ᠡᠷᠯᠢᠭ ᠲᠠᠮᠣ ᠶᠢᠨ ᠵᠠᠮ ᠬᠠᠳᠠ᠂ ᠡᠭᠡ ᠥᠷ᠎ᠡ ᠶᠢᠨ ᠦᠯᠣᠭᠡᠢ ᠬᠠᠳᠠ᠂᠂᠂ | ᠭᠡᠭᠦᠴᠢᠯᠠᠨ ᠣᠯᠠᠨ ᠲᠥᠷᠥᠯ ᠤᠨ ᠰᠣᠨᠢᠨ ᠵᠢᠭᠳᠡᠢ ᠬᠠᠳᠠ ᠪᠠᠶᠢᠳᠠᠭ᠃ ᠡᠷᠬᠢᠨ ᠳᠣᠭᠤᠷᠢᠨ ᠳᠤᠨᠢ ᠪᠠᠶᠠᠨ ᠪᠣᠣ | ᠰᠢᠪᠠᠷ ᠤᠨ ᠦᠵᠤᠭᠦᠷ ᠰᠠᠭᠤᠷᠢ ᠶᠢᠨ ᠨᠠᠭᠤᠷ᠂ ᠬᠤᠵᠢᠷ ᠤᠨ ᠭᠤᠷᠪᠠᠨ ᠨᠠᠭᠤᠷ᠂ ᠪᠦᠷᠭᠦᠭᠡᠰᠣᠳᠡᠢ ᠨᠠᠭᠤᠷ᠂ | ᠣᠯᠠᠭᠠᠨ ᠨᠠᠭᠤᠷ᠂ ᠴᠠᠭᠠᠨ ᠨᠠᠭᠤᠷ᠂ ᠭᠦᠭᠡᠷᠭᠡ ᠶᠢᠨ ᠨᠠᠭᠤᠷ᠂ ᠮᠣᠷᠣᠢ ᠨᠠᠭᠤᠷ᠂ ᠳᠣᠪᠣᠭᠳᠣ ᠨᠠᠭᠤᠷ᠂ ᠵᠡᠭᠦᠨ | ᠣᠯᠠᠭᠠᠨ ᠨᠠᠭᠤᠷ᠂ ᠡᠩᠭᠡᠷ ᠤᠨ ᠨᠠᠭᠤᠷ᠂ ᠳᠣᠰᠦ᠋ᠩ ᠤᠨ ᠨᠠᠭᠤᠷ᠂ ᠪᠠᠭ᠎ᠠ ᠡᠵᠢ᠂ ᠪᠠᠶᠢᠰᠢᠭ᠍ᠳᠦ ᠶᠢᠨ ᠨᠠᠭᠤᠷ᠂ | ᠠᠷᠣ ᠶᠢᠨ ᠨᠠᠭᠤᠷ᠂ ᠵᠢᠭᠠᠬᠠᠨ ᠭᠤᠪᠢ ᠶᠢᠨ ᠱᠦᠭᠦᠷᠳᠣ ᠨᠠᠭᠤᠷ᠂ ᠬᠤᠯᠣᠰᠣᠳᠣ ᠨᠠᠭᠤᠷ᠂ ᠨᠠᠯᠢᠩᠭᠢ ᠨᠠᠭᠤᠷ᠂ ᠵᠡᠭᠦᠨ | ᠣᠯᠠᠭᠠᠨ ᠨᠠᠭᠤᠷ᠂ ᠭᠦᠳᠡᠭᠡ ᠨᠠᠭᠤᠷ᠂ ᠣᠯᠠᠨ ᠨᠠᠭᠤᠷ᠂ ᠬᠤᠭᠤᠷᠣᠨᠳᠣ ᠶᠢᠨ ᠨᠠᠭᠤᠷ᠂ ᠰᠢᠪᠠᠷ ᠤᠨ ᠦᠵᠣᠭᠦᠷ ᠤᠨ | ᠨᠠᠭᠤᠷ ᠵᠡᠷᠭᠡ ᠣᠯᠠᠨ ᠨᠠᠭᠤᠷ ᠢᠶᠠᠷ ᠭᠦᠷᠢᠶᠡᠯᠡᠭᠦᠯᠣᠭ᠍ᠰᠡᠨ ᠪᠠᠶᠢᠳᠠᠭ᠃ | ᠶᠡᠭᠡ ᠡᠵᠢ ︵ᠨᠠᠭᠤᠷ︶ ᠨᠢ ᠬᠤᠶᠢᠰᠢ ᠣᠷᠣᠭᠰᠢ ᠪᠠᠨ ᠭᠤᠴᠢ ᠭᠠᠷᠣᠢ ᠭᠠᠵᠠᠷ ᠣᠷᠳᠣ᠂ ᠵᠡᠭᠦᠨᠰᠢ | ᠪᠠᠷᠠᠭᠤᠨᠰᠢ ᠠᠷᠪᠠ ᠭᠠᠷᠣᠢ ᠭᠠᠵᠠᠷ ᠦᠷᠭᠡᠨ ᠪᠠᠶᠢᠭᠰᠠᠨ ᠶᠣᠮ᠃ ᠪᠢ ᠪᠠᠭ᠎ᠠ ᠳᠠᠭᠠᠨ ᠮᠣᠷᠢ ᠣᠨᠣᠨ ᠡᠵᠢ | ᠨᠠᠭᠤᠷ ᠢᠶᠠᠨ ᠨᠢᠭᠡ ᠳᠣᠭᠤᠷᠢᠵᠣ ᠢᠷᠡᠭᠦ ᠳᠤ ᠶᠠᠭ ᠪᠦᠭᠦᠯᠢ ᠡᠳᠣᠷ ᠶᠠᠪᠣᠳᠠᠭ ᠪᠠᠶᠢᠵᠣ ᠪᠢᠯᠡ᠂ ᠡᠵᠢ ᠨᠠᠭᠤᠷ ᠢ | ᠳᠣᠭᠤᠷᠢᠭᠠᠳ ᠬᠢᠯᠢᠵᠢᠷ ᠤᠨ ᠳᠣᠪᠣᠭ᠂ ᠪᠣᠷᠣ ᠳᠣᠪᠣᠭ᠂ ᠪᠠᠶᠢᠰᠢᠩᠳᠣ ᠶᠢᠨ ᠳᠣᠪᠣᠭ᠂ ᠮᠣᠩᠭᠤᠯ ᠳᠣᠪᠣᠭ ᠬᠡᠵᠣ | ᠳᠦᠷᠪᠡᠨ ᠳᠣᠪᠣᠭ ᠪᠠᠶᠢᠳᠠᠭ ᠪᠦᠭᠡᠳ ᠡᠵᠢ ᠨᠠᠭᠤᠷ ᠤᠨ ᠵᠦᠭ ᠪᠦᠭᠦᠨ ᠠᠴᠠ ᠳᠣᠳᠣᠭᠰᠢ ᠣᠷᠣᠰᠣᠭᠰᠠᠨ ᠵᠠᠭᠤ | ᠨᠠᠢᠮᠠᠨ ᠪᠣᠯᠠᠭ ᠪᠠᠶᠢᠳᠠᠭ ᠶᠤᠮ᠃ ᠪᠣᠮᠪᠣᠨ ᠪᠣᠯᠠᠭ᠂ ᠰᠦᠮ᠎ᠠ ᠶᠢᠨ ᠭᠤᠣ ᠶᠢᠨ ᠪᠣᠯᠠᠭ᠂ ᠰᠣᠪᠠᠭ ᠤᠨ ᠪᠣᠯᠠᠭ᠂ ᠪᠠᠶᠠᠨ | ᠬᠤᠰᠢᠭᠤᠨ ᠪᠣᠯᠠᠭ᠂ ᠭᠦᠨ ᠭᠤᠣ ᠶᠢᠨ ᠪᠣᠯᠠᠭ᠂ ᠮᠣᠷᠣᠢ ᠡᠷᠭᠢ ᠶᠢᠨ ᠪᠣᠯᠠᠭ᠂ ᠠᠷᠠᠯ ᠤᠨ ᠪᠣᠯᠠᠭ᠂ ᠪᠣᠭᠤᠨᠢ | ᠡᠷᠭᠢ ᠶᠢᠨ ᠪᠣᠯᠠᠭ᠂ ᠳᠠᠰᠣᠷᠬᠠᠢ ᠪᠣᠯᠠᠭ᠂ ᠰᠢᠷᠭᠢ ᠶᠢᠨ ᠪᠣᠯᠠᠭ᠂ ᠵᠠᠩᠴᠢ ᠣᠪᠣᠭᠠᠨ ᠪᠣᠯᠠᠭ᠂ ᠣᠯᠣᠮ ᠤᠨ ᠪᠣᠯᠠᠭ᠂ | ᠣᠪᠣᠭᠠᠨ ᠪᠣᠯᠠᠭ᠂ ᠵᠠᠮ ᠤᠨ ᠪᠣᠯᠠᠭ᠂ ᠦᠷᠭᠡᠨ ᠤ ᠪᠣᠯᠠᠭ᠂ ᠶᠡᠭᠡ ᠪᠣᠯᠠᠭ᠂ ᠳᠡᠭᠢᠳᠠᠭ ᠪᠣᠯᠠᠭ᠂ ᠦᠨᠳᠣᠷ ᠤᠨ ᠪᠣᠯᠠᠭ | ᠂ ᠪᠣᠷᠬᠠᠨ ᠭᠦᠷᠢ ᠶᠢᠨ ᠪᠣᠯᠠᠭ᠂ ᠷᠠᠰᠢᠶᠠᠨ ᠪᠣᠯᠠᠭ᠂ ᠬᠥᠨᠳᠡᠯᠡᠨ ᠤ ᠪᠣᠯᠠᠭ᠂ ᠭᠠᠳᠣᠯᠳᠠᠭ ᠪᠣᠯᠠᠭ᠂ ᠣᠪᠣᠭᠠᠳᠣ ᠪᠣᠯᠠᠭ | ᠂ ᠭᠦᠬᠡᠷᠡᠩ ᠤᠨ ᠪᠣᠯᠠᠭ᠂ ᠴᠢᠪ ᠤᠨ ᠪᠣᠯᠠᠭ᠂ ᠭᠦᠯᠳᠡᠭᠦᠣ ᠶᠢᠨ ᠪᠣᠯᠠᠭ᠂ ᠪᠣᠯᠣᠩ ᠤᠨ ᠪᠣᠯᠠᠭ᠂ ᠵᠠᠮᠳᠣ ᠪᠣᠯᠠᠭ᠂ | ᠰᠡᠷᠢᠭᠦᠨ ᠪᠣᠯᠠᠭ᠂ ᠬᠡᠩᠰᠢᠭᠦᠯ ᠤᠨ ᠪᠣᠯᠠᠭ᠂ ᠪᠣᠭᠤᠨᠢ ᠭᠤᠣ ᠶᠢᠨ ᠪᠣᠯᠠᠭ᠂ ᠵᠠᠯᠠᠮᠳᠣ ᠶᠢᠨ ᠪᠣᠯᠠᠭ᠂᠂᠂᠂᠂ ᠵᠡᠷᠭᠡ | ᠣᠯᠠᠨ ᠪᠣᠯᠠᠭ ᠡᠪᠣᠯ ᠵᠣᠨ ᠦᠭᠡᠢ ᠣᠷᠬᠢᠯᠵᠣ ᠬᠠᠷᠠᠵᠠᠯᠠᠭᠠᠳ ᠡᠵᠢ ᠨᠠᠭᠤᠷ ᠲᠤ ᠴᠢᠳᠬᠤᠵᠣ ᠪᠠᠶᠢᠳᠠᠭ᠃ | ᠪᠠᠰᠠ ᠡᠵᠢ ᠨᠠᠭᠤᠷ ᠲᠤ ᠣᠷᠣᠵᠣ ᠭᠡᠰᠢᠭ ᠵᠠᠯᠠᠳᠠᠭ ᠪᠠᠶᠠᠨ ᠬᠤᠰᠢᠭᠤ ᠣᠯᠣᠮ᠂ ᠠᠷᠠᠯ ᠤᠨ ᠣᠯᠣᠮ᠂ | ᠦᠷᠭᠡᠨ ᠤ ᠣᠯᠣᠮ᠂ ᠦᠨᠳᠣᠷ ᠤᠨ ᠣᠯᠣᠮ᠂ ᠳᠡᠣᠯᠡᠢ ᠣᠯᠣᠮ᠂ ᠭᠦᠯᠳᠡᠭᠦᠣ ᠶᠢᠨ ᠣᠯᠣᠮ᠂ ᠵᠢᠷᠣᠭᠡ ᠶᠢᠨ ᠣᠯᠣᠮ᠂ | ᠵᠠᠮᠬᠠᠳᠣ ᠶᠢᠨ ᠣᠯᠣᠮ᠂ ᠪᠠᠶᠠᠨᠪᠣᠣ ᠶᠢᠨ ᠣᠯᠣᠮ᠂᠂᠂᠂᠂ ᠵᠡᠷᠭᠡ ᠠᠷᠪᠠ ᠰᠢᠬᠠᠮ ᠣᠯᠣᠮ ᠤᠳ ᠪᠠᠶᠢᠳᠠᠭ ᠰᠠᠨ᠃ | ᠡᠵᠢ ᠨᠠᠭᠤᠷ ᠲᠤ ᠭᠦᠬᠡ ᠲᠠᠪᠤᠰᠤ᠂ ᠴᠠᠭᠠᠨ ᠲᠨᠪᠤᠰᠤ᠂ ᠭᠥᠷᠵᠡᠩ ᠲᠠᠪᠤᠰᠤ᠂ ᠰᠢᠲᠤ ᠲᠠᠪᠤᠰᠤ ᠴᠦᠮ | ᠪᠠᠶᠢᠲᠠᠭ ᠪᠦᠭᠡᠳ ᠡᠷᠦᠭᠡ ᠤᠳ ᠲᠤ ᠬᠤᠸᠠᠷ ᠲᠠᠪᠤᠰᠤ᠂ ᠱᠤᠭᠤᠮ ᠲᠠᠪᠤᠰᠤ ᠮᠡᠲᠦ ᠶᠢᠨ ᠰᠤᠯᠤᠩᠭᠠᠨ ᠦᠩᠭᠡ ᠲᠠᠢ | ᠭᠡᠷᠡᠯᠲᠦ ᠲᠠᠪᠤᠰᠤ ᠤᠳ ᠲᠦᠬᠦᠷᠡᠩ ᠪᠠᠶᠢᠵᠤ ᠲᠡᠷᠡ ᠨᠢ ᠡᠮ ᠳᠤ ᠤᠷᠤᠲᠠᠭ ᠲᠤᠯᠠ 8 ᠰᠠᠷ᠎ᠠ ᠶᠢᠨ 15 ᠤ ᠦᠷᠯᠦᠭᠡ | ᠨᠠᠷᠠᠨ ᠠᠴᠠ ᠡᠮᠦᠨ᠎ᠡ ᠭᠦᠷᠴᠦ ᠠᠪᠤᠭᠠᠳ ᠡᠮ ᠨᠠᠶᠢᠷᠠᠲᠠᠭ ᠤᠯᠠᠮᠵᠢᠯᠠᠯᠳᠣ ᠵᠣᠷ ᠲᠠᠢ ᠪᠠᠶᠢᠭᠰᠠᠨ ᠶᠤᠮ᠃ | ᠡᠵᠢ ᠨᠠᠭᠤᠷ ᠤᠨ ᠡᠷᠦᠭᠡ ᠨᠦᠭᠡ ᠤᠳ ᠶᠡᠭᠡ ᠤᠯᠠᠨ ᠪᠠᠶᠢᠲᠠᠭ᠃ ᠡᠵᠢ ᠨᠠᠭᠤᠷ ᠤᠨ ᠬᠤᠶᠢᠲᠤ ᠭᠡᠰᠡᠭ ᠲᠤ | ᠴᠢᠨᠲᠠᠮᠤᠨᠢ ᠭᠤᠷᠪᠠᠨ ᠡᠷᠦᠭᠡ ᠭᠡᠵᠦ ᠪᠠᠶᠢᠲᠠᠭ ᠶᠣᠮ᠃ ᠲᠡᠷᠡ ᠨᠢ ᠮᠢᠩᠭᠠᠨ ᠬᠤᠨᠢᠨ ᠤ ᠬᠤᠲᠠ ᠶᠢᠨ ᠴᠢᠨᠡᠭᠡᠨ ᠶᠡᠭᠡ | ᠬᠦᠯ ᠦᠭᠡᠢ ᠬᠦᠨ ᠤᠰᠤ ᠨᠤᠭᠤᠳ ᠪᠠᠶᠢᠵᠤ᠂ ᠲᠡᠤᠭᠡᠨ ᠠᠴᠠ ᠠᠪᠤᠭᠠᠳ ᠡᠲᠦᠭᠡ ᠳᠤ ᠬᠦᠷᠲᠡᠯ᠎ᠠ ᠬᠦᠮᠦᠨ ᠠᠮᠢᠲᠠᠠ | ᠤᠶᠢᠷᠠᠲᠤᠲᠠᠭ ᠦᠭᠡᠢ ᠪᠢᠯᠠ᠃ ︵ᠤᠶᠢᠷᠠᠲᠤᠨ ᠤᠴᠢᠪᠠᠯ ᠲᠠᠲᠠᠨ᠎ᠠ ᠭᠡᠲᠡᠭ᠃︶ ᠤᠶᠢᠷᠠᠳᠬᠤ ᠲᠤᠲᠤᠮ ᠦᠮᠦᠲᠡᠵᠦ | ᠴᠦᠮᠦᠷᠢᠨ ᠪᠠᠶᠢᠲᠠᠭ ᠪᠦᠭᠡᠳ ᠲᠠᠭᠦᠨ ᠢᠶᠠᠷ ᠤᠷᠤᠪᠠᠯ ᠬᠡᠲᠦᠨ ᠵᠠᠭᠤᠨ ᠭᠠᠵᠠᠷ ᠤᠨ ᠲᠡᠷᠭᠡᠲᠡᠭᠢ ᠲᠦᠩᠬᠢᠨᠡᠬᠦ ︵ | ᠣᠳᠣ ᠶᠢᠨ ᠣᠯᠢᠶᠠᠰᠣᠳᠠᠢ ᠠᠭᠤᠯᠠ ᠶᠢᠨ ᠵᠡᠭᠦᠨ ᠬᠤᠶᠢᠨ᠎ᠠ ᠬᠤᠷᠢᠨ ᠺᠢᠯᠦᠮᠧᠲᠷ ᠵᠠᠶᠢᠳᠠᠢ ᠪᠠᠶᠢᠳᠠᠭ ᠠᠭᠤᠯᠠᠨ ᠳᠠᠬᠢ | ᠣᠨᠳᠣᠷᠣᠮᠠᠯ ᠪᠣᠯᠠᠭ ᠤᠨ ᠨᠠᠷᠠ︶ ᠪᠠᠷ ᠭᠠᠷᠳᠠᠭ ᠬᠡᠳᠡᠭ ᠲᠣᠮᠤᠭ ᠶᠡᠷᠢᠶ᠎ᠠ ᠪᠠᠶᠢᠳᠠᠭ᠃ ᠡᠵᠢ ᠶᠢᠨ ᠡᠷᠣᠭᠡ ᠶᠢᠨ ᠲᠡᠷᠡ | ᠣᠰᠣ ᠨᠢ ᠨᠠᠷᠠ ᠰᠠᠯᠬᠢᠨ ᠦᠵᠡᠪᠡᠯ ᠴᠢᠯᠭᠤᠵᠢᠭᠠᠳ ᠳᠠᠪᠣᠰᠣ ᠪᠣᠯᠣᠨ ᠬᠤᠪᠢᠷᠡᠳᠠᠭ ᠪᠢᠯᠡ᠃ ᠶᠡᠭᠡ ᠡᠷᠣᠭᠡ ᠨᠢ | ᠡᠶᠢᠮᠣ ᠭᠤᠷᠪᠠᠭ᠋ᠠᠨ ᠪᠠᠶᠢᠳᠠᠭ ᠪᠣᠯᠪᠠᠴᠣ ᠭᠡᠷ ᠤᠨ ᠪᠠᠭᠤᠴᠠ ᠶᠢᠨ ᠬᠢᠷᠢ᠂ ᠳᠣᠭᠤᠭᠠᠨ ᠠᠮᠠᠰᠠᠷ ᠤᠨ ᠬᠢᠷᠢ ᠪᠠᠭ᠎ᠠ | ᠡᠷᠣᠭᠡ ᠤᠳ ᠳᠤᠭ᠎ᠠ ᠳᠣᠮᠰᠢ ᠦᠭᠡᠢ ᠣᠯᠠᠨ ᠪᠣᠢ᠃ ᠭᠡᠳᠣᠢ ᠪᠠᠭ᠎ᠠ ᠡᠷᠣᠭᠡ ᠨᠢ ᠭᠡᠳ ᠪᠦᠷ ᠭᠦᠯ ᠦᠭᠡᠢ ᠭᠦᠨ | ᠪᠠᠶᠢᠵᠣ ᠳᠡᠷᠭᠡ ᠣᠨᠤᠭ᠎ᠠ ᠣᠷᠣᠪᠠᠯ ᠦᠮᠣᠷᠠᠵᠣ ᠴᠦᠮᠣᠷᠠᠨ ᠭᠦᠮᠣᠨ ᠢ ᠠᠶᠣᠯᠭᠠᠳᠠᠭ᠃ ᠳᠡᠷᠭᠡ ᠣᠨᠤᠭ᠎ᠠ ᠢᠶᠠᠨ | ᠠᠯᠳᠠᠵᠣ ᠣᠷᠣᠭᠤᠯᠣᠭᠰᠠᠨ ᠲᠡᠣᠭᠡ ᠳᠣᠮᠤᠭ ᠴᠦ ᠣᠯᠠᠨ ᠪᠠᠶᠢᠳᠠᠭ᠃ ᠳᠠᠪᠣᠰᠣ ᠳᠡᠭᠡᠭᠡᠵᠣ ᠦᠵᠡᠭᠡ ᠦᠭᠡᠢ ᠪᠣᠶᠣ | ᠡᠵᠢ ᠨᠠᠭᠤᠷ ᠤᠨ ᠳᠣᠬᠠᠢ ᠮᠡᠳᠡᠯᠭᠡ ᠮᠡᠳᠡᠴᠡ ᠦᠭᠡᠢ ᠭᠦᠮᠣᠨ ᠪᠣᠯ ᠦᠭᠦᠵᠣ ᠦᠷᠡᠭᠳᠡᠭᠦ ᠠᠶᠣᠯᠳᠠᠢ ᠶᠤᠮ᠂᠂ ᠡᠨᠡᠭᠦ | ᠪᠠᠶᠢᠭᠠᠯᠢ ᠶᠢᠨ ᠳᠠᠯᠳᠠ ᠨᠢᠭᠤᠴᠠ ᠶᠢ ᠰᠣᠬᠤᠷ ᠪᠠᠯᠠᠢ ᠪᠠᠷ ᠵᠠᠰᠠᠵᠣ ᠰᠠᠶᠢᠵᠢᠷᠠᠭᠤᠯᠬᠤ ᠭᠡᠵᠣ ᠣᠷᠣᠯᠳᠣᠭᠰᠠᠨ ᠠᠴᠠ | ᠣᠳᠣ ᠳᠠᠪᠣᠰᠣᠨ ᠳᠠᠯᠠᠪᠠᠢ ᠪᠠᠭᠠᠰᠴᠣ ᠪᠠᠶᠢᠭ᠎ᠠ ᠶᠢᠨ ᠣᠴᠢᠷ ᠡᠨᠡ ᠪᠢᠯᠡ᠃ | |