ᠰᠣᠶᠣᠯᠵᠢ ᠶᠢᠨ ᠪᠣᠭᠳᠠ ᠠᠭᠤᠯᠠ
ᠨᠡᠶᠢᠲᠡᠯᠡᠭᠰᠡᠨ ᠴᠠᠭ᠄
2017-07-24
       ᠪᠣᠭᠳᠠ ᠠᠭᠤᠯᠠ ᠨᠢ ᠵᠡᠭᠦᠨ ᠥᠵᠥᠮᠥᠴᠢᠨ ᠬᠤᠰᠢᠭᠤᠨ ᠤ ᠵᠡᠭᠦᠨ ᠬᠤᠶᠢᠳᠣ ᠥᠨᠴᠥᠭ᠂ ᠬᠢᠩᠭᠠᠨ ᠠᠶᠢᠮᠠᠭ᠂ ᠮᠣᠩᠭᠤᠯ ᠣᠯᠣᠰ ᠤᠨ ᠲᠣᠷᠣᠨᠠᠳᠣ ᠠᠶᠢᠮᠠᠭ ᠲᠠᠢ ᠵᠠᠬ᠎ᠠ ᠨᠡᠶᠢᠯᠠᠵᠣ ᠪᠠᠶᠢᠭ᠎ᠠ ᠠᠭᠤᠯᠠ ᠶᠣᠮ᠃ ᠴᠢᠩ ᠣᠯᠣᠰ ᠤᠨ ᠬᠠᠭᠠᠨ ᠤ ᠠᠪᠠ ᠬᠤᠮᠣᠷᠭ᠎ᠠ ᠶᠢᠨ ︽ᠲᠠᠷᠬᠠᠨ ᠭᠠᠵᠠᠷ︾ ᠪᠢᠯᠡ᠃ ᠠᠷᠠᠳ ᠤᠨ ᠶᠠᠷᠢᠶ᠎ᠠ᠂ ᠲᠠᠭᠤᠨ ᠳᠤ ︽ᠰᠣᠶᠣᠯᠵᠢ ᠠᠭᠤᠯᠠ︾᠂ ︽ᠥᠵᠥᠮᠥᠴᠢᠨ ᠠᠭᠤᠯᠠ︾᠂ ︽ᠡᠪᠥᠭᠡᠨ ᠠᠭᠤᠯᠠ︾ ᠭᠡᠬᠦ ᠮᠡᠳᠣ ᠪᠠᠷ ᠲᠠᠭᠤᠳᠠᠳᠠᠭ ᠃ ︽ᠲᠠᠶᠢᠴᠢᠩ ᠣᠯᠣᠰ ᠤᠨ ᠮᠣᠩᠭᠤᠯ ᠤᠨ ᠲᠡᠣᠬᠡ︾᠂ ︽ᠬᠥᠯᠥᠨ ᠪᠤᠶᠢᠷ ᠤᠨ ᠭᠠᠵᠠᠷ ᠤᠨ ᠶᠡᠷᠣᠩᠭᠡᠢ ᠬᠠᠣᠯᠢ︾ ᠂ ︽ᠵᠡᠭᠦᠨ ᠥᠵᠥᠮᠥᠴᠢᠨ ᠬᠤᠰᠢᠭᠤᠨ ᠤ ᠬᠠᠷᠠᠭᠤᠯ ᠤᠨ ᠲᠥᠰᠢᠮᠠᠯ ᠬᠢᠭᠡᠳ ᠴᠡᠷᠢᠭ ᠤᠨ ᠨᠡᠷ᠎ᠡ ᠲᠤᠭ᠎ᠠ ᠶᠢ ᠮᠡᠳᠡᠭᠦᠯᠣᠷ᠎ᠡ ᠡᠷᠭᠦᠭᠦ ᠴᠢᠰᠧ︾ ᠵᠡᠷᠭᠡ ᠳᠤ ︽ᠰᠣᠶᠣᠯᠵᠢ ᠠᠭᠤᠯᠠ︾ ᠬᠡᠮᠡᠨ ᠲᠣᠳᠣᠷᠬᠠᠢ ᠲᠡᠮᠳᠡᠭᠯᠡᠭᠰᠡᠨ ᠪᠠᠶᠢᠳᠠᠭ᠃ ᠠᠳᠡ ᠲᠡᠮᠳᠡᠭᠯᠡᠭᠰᠡᠨ ᠠᠴᠠ ᠬᠠᠷᠠᠬᠤ ᠳᠤ ᠲᠡᠭᠷᠢ ᠲᠡᠳᠭᠦᠭᠴᠢ ᠶᠢᠨ ᠲᠠᠪᠢᠨ ᠲᠠᠪᠣᠳᠣᠭᠠᠷ ᠣᠨ ︵1790 ᠣᠨ︶ ᠳᠤ ᠰᠣᠶᠣᠯᠵᠢ ᠶᠢᠨ ᠪᠣᠭᠳᠠ ᠠᠭᠤᠯᠠ ᠶᠢ ᠬᠠᠷᠠᠮᠥ᠋ᠷᠡᠨ᠂ ᠬᠠᠯᠬ᠎ᠠ᠂ ᠥᠵᠥᠮᠥᠴᠢᠨ᠂ ᠵᠢᠷᠢᠮ ᠤᠨ ᠬᠠᠷᠢᠶᠠᠳᠣ ᠨᠣᠳᠤᠭ ᠪᠣᠯᠭᠠᠨ ᠱᠠᠩᠨᠠᠨ ᠥᠭᠴᠤ᠂ ᠰᠣᠶᠣᠯᠵᠢ ᠶᠢᠨ ᠪᠣᠭᠳᠠ ᠠᠭᠤᠯᠠ ᠶᠢᠨ ᠣᠷᠣᠢ ᠶᠢ ᠠᠯᠪᠠᠨ ᠭᠠᠵᠠᠷ ᠪᠣᠯᠭᠠᠵᠣ᠂ ᠰᠢᠯᠢ ᠶᠢᠨ ᠭᠤᠣᠯ᠂ ᠵᠢᠷᠢᠮ᠂ ᠭᠡᠷᠣᠯᠣᠨ ᠪᠠᠷᠰ ᠬᠤᠳᠠ ᠵᠡᠷᠭᠡ ᠭᠤᠷᠪᠠᠨ ᠴᠢᠭᠤᠯᠭᠠᠨ ᠠᠴᠠ ᠡᠭᠡᠯᠵᠢᠯᠡᠨ ᠲᠠᠬᠢᠳᠠᠭ ᠪᠣᠯᠣᠭᠰᠠᠨ ᠪᠢᠯᠡ᠃
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号