ᠭᠠᠬᠢᠯ ᠰᠦᠮ᠎ᠡ
ᠨᠡᠶᠢᠲᠡᠯᠡᠭᠰᠡᠨ ᠴᠠᠭ᠄
2017-07-24
       ᠣᠳᠣ ᠶᠢᠨ ᠭᠠᠬᠢᠯ ᠰᠤᠮᠤᠨ ᠤ ᠭᠠᠬᠢᠯ ᠲᠣᠭᠤᠷᠢᠭ ᠲᠤ ᠪᠣᠢ᠃ ᠣᠣᠯ ᠤᠨ ᠥᠵᠥᠮᠥᠴᠢᠨ ᠵᠡᠭᠦᠨ ᠭᠠᠷᠣᠨ ᠬᠤᠰᠢᠭᠤᠨ ᠤ ᠵᠢᠷᠭᠤᠭᠠᠨ ᠬᠡᠶᠢᠳ ᠤᠨ ᠨᠢᠭᠡ ᠶᠣᠮ᠃ ᠪᠠᠰᠠ ︽ᠱᠠᠰᠢᠨ ᠢ ᠪᠠᠳᠠᠷᠠᠭᠤᠯᠣᠭᠴᠢ ᠰᠥᠮ᠎ᠡ︾ ᠭᠡᠳᠡᠭ᠃
       ᠠᠩᠬ᠎ᠠ ᠲᠡᠭᠷᠢ ᠲᠡᠳᠭᠦᠭᠴᠢ ᠶᠢᠨ 59 ᠣᠨ ︵1794 ᠣᠨ︶ ᠳᠤ ᠪᠠᠶᠢᠭᠤᠯᠵᠠᠢ᠃ ᠴᠣᠭᠴᠢᠨ ᠲᠣᠭᠠᠩ ᠂ ᠵᠡᠭᠦᠨ ᠪᠠᠷᠠᠭᠤᠨ ᠰᠠᠬᠢᠭᠤᠰᠤ ᠶᠢᠨ ᠰᠥᠮ᠎ᠡ᠂ ᠢᠷᠣᠭᠡᠯ ᠤᠨ ᠰᠥᠮ᠎ᠡ᠂ ᠵᠣᠳᠸ᠎ᠠ ᠲᠣᠭᠠᠩ᠂ ᠲᠣᠭᠰᠢᠳ ᠤᠨ ᠲᠣᠭᠠᠩ᠂ ᠡᠭᠦᠳᠡᠨ ᠰᠥᠮ᠎ᠡ᠂ ᠬᠠᠮᠪᠤ ᠶᠢᠨ ᠯᠠᠪᠷᠣᠩ᠂ ᠵᠡᠭᠦᠨ ᠪᠠᠷᠠᠭᠤᠨ ᠱᠠᠮᠫᠠᠨ᠂ ᠬᠤᠶᠠᠷ ᠲᠠᠯ᠎ᠠ ᠳᠠᠭᠠᠨ ᠬᠤᠷᠯᠣ ᠶᠢᠨ ᠰᠠᠷᠠᠪᠴᠢ᠂ ᠬᠤᠣᠰ ᠴᠢᠯᠠᠭᠤᠨ ᠠᠷᠰᠯᠠᠨ᠂ ᠴᠢᠯᠠᠭᠤᠨ ᠪᠤᠶᠢᠫᠣᠷ᠂ ᠶᠢᠩᠫᠠᠢ᠂ ᠴᠢᠭᠠᠩ᠂ ᠬᠤᠶᠠᠷ ᠰᠣᠪᠣᠷᠭ᠎ᠠ ᠭᠡᠬᠦ ᠮᠠᠳᠣ ᠶᠢᠨ ᠪᠠᠷᠢᠯᠭ᠎ᠠ ᠨᠤᠭᠤᠳ ᠪᠠᠶᠢᠵᠠᠢ᠃ ᠰᠣᠶᠣᠯ ᠤᠨ ᠬᠤᠪᠢᠰᠬᠠᠯ ᠳᠤ ᠮᠠᠰᠢ ᠶᠡᠭᠡ ᠡᠪᠳᠡᠭᠳᠡᠵᠣ ᠰᠦᠢᠳᠦᠭᠳᠡᠭᠰᠡᠨ ᠢᠶᠠᠨ 1984 ᠣᠨ ᠳᠤ ᠲᠠᠬᠢᠨ ᠰᠡᠷᠭᠦᠭᠡᠵᠣ ᠬᠤᠷᠠᠯ ᠬᠤᠷᠠᠨ᠂ ᠪᠠᠷᠢᠯᠭ᠎ᠠ ᠪᠠᠶᠢᠭᠤᠯᠣᠮᠵᠢ ᠶᠢᠨ ᠠᠵᠢᠯ ᠡᠬᠢᠯᠡᠵᠣ᠂ ᠠᠷᠪᠠᠳᠣᠭᠠᠷ ᠲᠥᠷᠢ ᠶᠢᠨ ᠪᠠᠨᠴᠢᠨ ᠡᠷᠳᠡᠨᠢ ᠠᠴᠠ ︽ᠱᠠᠰᠢᠨ ᠢ ᠪᠠᠳᠠᠷᠠᠭᠤᠯᠣᠭᠴᠢ ᠨᠣᠮ ᠤᠨ ᠬᠥᠷᠳᠣ ᠶᠢ ᠡᠷᠭᠢᠭᠦᠯᠥᠭᠴᠢ ᠰᠥᠮ᠎ᠡ︾ ᠬᠡᠮᠡᠬᠦ ᠢᠯᠡᠷᠬᠡᠶᠢᠯᠡᠯ ᠣᠯᠭᠤᠵᠣ ᠣᠳᠣ ᠪᠣᠯᠳᠠᠯ᠎ᠠ ᠱᠠᠰᠢᠨ ᠤ ᠠᠵᠢᠯᠯᠠᠭ᠎ᠠ ᠶᠠᠪᠣᠭᠤᠯᠵᠣ ᠪᠠᠶᠢᠨ᠎ᠠ᠃
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号