ᠰᠢᠨ᠎ᠡ ᠰᠦᠮ᠎ᠡ
ᠨᠡᠶᠢᠲᠡᠯᠡᠭᠰᠡᠨ ᠴᠠᠭ᠄
2017-07-24
       ᠣᠳᠣ ᠶᠢᠨ ᠲᠠᠭᠤᠳᠣᠨᠠᠭᠤᠷ ᠪᠠᠯᠭᠠᠰᠣᠨ ᠤ ᠲᠥᠪ ᠳᠤ ᠪᠣᠢ᠃ ᠣᠣᠯ ᠤᠨ ᠥᠵᠥᠮᠥᠴᠢᠨ ᠪᠠᠷᠠᠭᠤᠨ ᠬᠤᠰᠢᠭᠤᠨ ᠤ ᠬᠠᠷᠢᠶ᠎ᠠ ᠵᠢᠷᠭᠤᠭᠠᠨ ᠬᠡᠶᠢᠳ ᠤᠨ ᠨᠢᠭᠡ ᠪᠢᠯᠡ᠃ ᠪᠠᠰᠠ ︽ᠨᠢᠭᠤᠴᠠ ᠲᠠᠷᠨᠢ ᠮᠠᠰᠢ ᠲᠡᠯᠭᠡᠷᠡᠭᠰᠡᠨ ᠰᠥᠮ᠎ᠡ︾ ᠭᠡᠳᠡᠭ᠃ ᠬᠠᠮᠤᠭ ᠠᠩᠬ᠎ᠠ ᠲᠡᠭᠷᠢ ᠲᠡᠳᠬᠦᠭᠴᠢ ᠶᠢᠨ ᠠᠷᠪᠠᠳᠣᠭᠠᠷ ᠣᠨ ︵1745 ᠣᠨ︶ ᠳᠤ ᠪᠠᠶᠢᠭᠤᠯᠵᠣ᠂ ᠬᠡᠳᠣᠨᠳᠠ ᠨᠡᠭᠦᠭᠰᠡᠨ ᠤ ᠡᠴᠣᠰ ᠣᠳᠣ ᠪᠠᠶᠢᠭ᠎ᠠ ᠭᠠᠵᠠᠷ ᠲᠣᠭᠳᠠᠨᠢᠵᠠᠢ᠃
       ᠰᠢᠨ᠎ᠡ ᠰᠥᠮ᠎ᠡ ᠳᠤ ᠴᠣᠭᠴᠢᠨ ᠲᠣᠭᠠᠩ᠂ ᠴᠦᠢᠷ ᠷᠠᠰᠠᠩ᠂ ᠳᠥᠢᠩᠬᠡᠷ ᠷᠠᠰᠠᠩ᠂ ᠮᠠᠨᠪᠠ ᠷᠠᠰᠠᠩ᠂ ᠵᠣᠳᠸ᠎ᠠ ᠷᠠᠰᠠᠩ᠂ ᠪᠣᠭᠳᠠ ᠶᠢᠨ ᠯᠠᠪᠷᠣᠩ᠂ ᠡᠭᠦᠳᠡᠨ ᠰᠥᠮ᠎ᠡ᠂ ᠱᠠᠮᠫᠠᠨ ᠭᠡᠷ ᠤᠳ᠂ ᠮᠠᠬᠠᠷᠠᠨᠽᠠ᠂ ᠳ᠋ᠥᠩᠰᠢᠭᠤᠷ ᠮᠠᠨᠢ ᠶᠢᠨ ᠬᠤᠷᠯᠣ᠂ ᠣᠯᠠᠭᠠᠨ ᠨᠣᠭᠤᠭᠠᠨ ᠰᠣᠪᠣᠷᠭ᠎ᠠ ᠭᠡᠬᠦ ᠮᠠᠳᠣ ᠶᠢᠨ ᠪᠠᠷᠢᠯᠭ᠎ᠠ ᠨᠤᠭᠤᠳ ᠪᠠᠶᠢᠳᠠᠭ᠃ ᠬᠥᠣᠰᠢ ᠷᠠᠭᠪᠠᠰᠡᠩᠭᠡᠵᠠᠯᠰᠠᠨ ᠠᠴᠠ ᠬᠤᠶᠢᠰᠢ ᠵᠢᠷᠭᠤᠭᠠᠨ ᠲᠥᠷᠢ ᠶᠢᠨ ᠰᠢᠷᠡᠭᠡᠨ ᠭᠡᠭᠡᠨ ᠵᠠᠯᠠᠪᠠ᠃ ᠰᠣᠶᠣᠯ ᠤᠨ ᠬᠤᠪᠢᠰᠬᠠᠯ ᠳᠤ ᠮᠠᠰᠢ ᠶᠡᠭᠡ ᠡᠪᠳᠡᠭᠳᠡᠵᠣ ᠰᠦᠢᠳᠦᠭᠳᠡᠭᠰᠡᠨ ᠢᠶᠠᠨ 1986 ᠣᠨ ᠳᠤ ᠲᠠᠬᠢᠨ ᠰᠡᠷᠭᠦᠭᠡᠵᠣ ᠬᠤᠷᠠᠯ ᠬᠤᠷᠠᠨ᠂ ᠠᠷᠪᠠᠳᠣᠭᠠᠷ ᠲᠥᠷᠢ ᠶᠢᠨ ᠪᠠᠨᠴᠢᠨ ᠡᠷᠳᠡᠨᠢ ᠠᠴᠠ ︽ᠬᠠᠷᠠᠩᠭᠤᠢ ᠶᠢ ᠠᠷᠢᠯᠭᠠᠭᠴᠢ ᠨᠣᠮ ᠤᠨ ᠬᠥᠷᠳᠣᠨ ᠬᠡᠶᠢᠳ︾ ᠬᠡᠮᠡᠬᠦ ᠢᠯᠡᠷᠬᠡᠶᠢᠯᠡᠯ ᠥᠭᠴᠣ ᠣᠳᠣ ᠪᠣᠯᠳᠠᠯ᠎ᠠ ᠱᠠᠰᠢᠨ ᠤ ᠠᠵᠢᠯᠯᠠᠭ᠎ᠠ ᠶᠠᠪᠣᠭᠤᠯᠵᠣ ᠪᠠᠶᠢᠨ᠎ᠠ᠃
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号