| ᠣᠳᠣ ᠵᠡᠭᠦᠨ ᠦᠵᠦᠮᠦᠴᠢᠨ ᠬᠤᠰᠢᠭᠤᠨ ᠲᠥᠪ ᠣᠯᠢᠶᠠᠰᠣᠲᠠᠢ ᠪᠠᠯᠭᠠᠰᠣᠨ ᠤ ᠪᠠᠶᠠᠨ ᠡᠷᠭᠡᠳᠣ | ᠣᠪᠣᠭᠠᠨ ᠤ ᠡᠩᠭᠡᠷ ᠲᠤ ᠪᠣᠢ᠃ ᠬᠠᠮᠤᠭ ᠠᠩᠬ᠎ᠠ ᠲᠡᠭᠷᠢ ᠲᠡᠳᠬᠦᠭᠴᠢ ᠶᠢᠨ ᠲᠥᠴᠢᠨ ᠵᠢᠷᠭᠤᠳᠣᠭᠠᠷ ᠣᠨ ︵ | 1781 ᠣᠨ︶ ᠳᠤ ᠪᠠᠶᠢᠭᠤᠯᠵᠣ᠂ ︽ᠥᠭᠯᠢᠭᠡ ᠬᠤᠷᠠᠭᠤᠯᠣᠭᠴᠢ ᠰᠥᠮ᠎ᠡ︾᠂ ︽ᠮᠣᠯᠣᠮ ᠯᠠᠮᠠ ᠶᠢᠨ ᠬᠥᠷᠢᠶ᠎ᠡ | ᠰᠥᠮ᠎ᠡ︾ ᠨᠡᠷ᠎ᠡ ᠲᠠᠢ ᠪᠢᠯᠡ᠃ ᠣᠣᠯ ᠤᠨ ᠥᠵᠥᠮᠥᠴᠢᠨ ᠪᠠᠷᠠᠭᠤᠨ ᠬᠤᠰᠢᠭᠤᠨ ᠤ ᠬᠤᠰᠢᠭᠤ ᠵᠢᠷᠭᠤᠭᠠᠨ | ᠬᠡᠶᠢᠳ ᠤᠨ ᠨᠢᠭᠡ᠂ ᠮᠣᠩᠭᠤᠯ ᠣᠷᠣᠨ ᠤ ᠰᠢᠷ᠎ᠠ ᠶᠢᠨ ᠱᠠᠰᠢᠨ ᠤ ᠠᠯᠳᠠᠷᠳᠣ ᠭᠤᠷᠪᠠᠨ ᠬᠥᠷᠢᠶ᠎ᠡ ᠰᠥᠮ᠎ᠡ ᠶᠢᠨ ᠨᠢᠭᠡ | ᠪᠢᠯᠡ᠃ ᠡᠭᠦᠰᠭᠡᠨ ᠪᠠᠶᠢᠭᠤᠯᠣᠭᠴᠢ ᠯᠣᠪᠰᠠᠩᠭᠤᠨᠴᠣᠭᠷᠠᠰᠢ ᠪᠣᠯ ᠠᠮᠳᠣᠣ ᠶᠢᠨ ᠴᠠᠭᠳᠣ ᠲᠠᠩ ᠤᠨ ᠷᠥᠵᠡ | ᠬᠡᠶᠢᠳ ᠤᠨ ᠰᠢᠷᠡᠭᠡᠨ ᠯᠠᠮᠠ ᠮᠣᠯᠣᠮ ᠷᠠᠪᠵᠢᠮᠪᠠ ᠲᠠᠨᠵᠢᠨᠳᠠᠭᠪᠠ ᠶᠢᠨ ᠥᠪᠥᠷ ᠮᠣᠩᠭᠤᠯ ᠣᠷᠣᠨ ᠳᠠᠬᠢ ᠠᠩᠬᠠᠨ ᠤ | ᠬᠤᠪᠢᠯᠭᠠᠨ ᠲᠥᠷᠢ ᠪᠥᠭᠡᠳ ᠨᠡᠶᠢᠳᠡ ᠵᠢᠷᠭᠤᠭᠠᠨ ᠲᠥᠷᠢ ᠶᠢᠨ ᠭᠡᠭᠡᠨ ᠰᠠᠭᠠᠳᠠᠵᠠᠢ᠃ | | | | | | | ᠯᠠᠮᠠ ᠶᠢᠨ ᠭᠥᠷᠢᠶ᠎ᠡ ᠰᠥᠮ᠎ᠡ ᠨᠢ ᠭᠥᠮᠪᠥᠮ ᠵᠥᠳ ᠲᠠᠢ ︽ᠶᠡᠭᠡ ᠭᠥᠯᠭᠡᠨ︾᠂ ︽ᠨᠢᠭᠤᠴᠠ ᠲᠠᠷᠨᠢ︾᠂ | ︽ᠠᠨᠠᠭᠠᠬᠤ ᠣᠬᠠᠭᠠᠨ︾᠂ ︽ᠠᠷᠭ᠎ᠠ ᠪᠢᠯᠢᠭ︾ ᠲᠥᠷᠪᠡᠨ ᠣᠬᠠᠭᠠᠨ ᠤ ᠰᠣᠷᠭᠠᠯ ᠤᠨ ᠲᠥᠪ ᠬᠡᠶᠢᠳ ᠲᠠᠢ᠂ | ᠠᠷᠪᠠᠨ ᠭᠤᠷᠪᠠᠨ ᠬᠤᠪᠢᠯᠭᠠᠨ᠂ ᠬᠤᠣᠰ ᠮᠡᠳᠡᠯ ᠤᠨ ᠵᠢᠷᠭᠤᠭᠠᠨ ᠬᠡᠷᠬᠡᠮᠳᠡᠨ᠂ 1500 ᠭᠠᠷᠣᠢ ᠱᠠᠪᠢ | ᠬᠤᠸᠠᠷᠠᠭ ᠲᠠᠢ᠂ ᠬᠠᠷᠢᠶ᠎ᠡ ᠲᠥᠷᠪᠡᠨ ᠰᠥᠮ᠎ᠡ᠂ ᠭᠤᠷᠪᠠᠨ ︽ᠬᠤᠷᠢᠨ︾᠂ 25 ᠵᠢᠰᠠ ᠲᠠᠢ᠂ ᠲᠠᠪᠣᠨ ᠶᠡᠭᠡ | ᠪᠥᠯᠥᠭ᠂ ᠬᠤᠷᠢ ᠭᠠᠷᠣᠢ ᠰᠥᠮ᠎ᠡ ᠲᠣᠭᠠᠩ ᠲᠠᠢ ᠲᠣᠮᠣᠬᠠᠨ ᠬᠡᠶᠢᠳ ᠪᠠᠶᠢᠵᠣ ᠴᠢᠩ ᠣᠯᠣᠰ ᠤᠨ ᠰᠠᠶᠢᠰᠢᠶᠠᠯᠳᠣ | ᠢᠷᠥᠭᠡᠯᠳᠣ ᠶᠢᠨ ᠬᠤᠶᠠᠳᠣᠭᠠᠷ ᠣᠨ ︵1796 ᠣᠨ︶ ᠳᠤ ᠡᠵᠡᠨ ᠵᠣᠷᠭᠠᠨ ᠠᠴᠠ 51 ᠬᠤᠸᠠᠷᠠᠭ ᠲᠦᠢᠨ ᠢᠶᠠᠷ | ᠱᠠᠩᠨᠠᠭᠰᠠᠨ ᠪᠥᠭᠡᠳ ︽ᠵᠢᠨᠰᠣᠭᠯᠢᠩ︾ ᠭᠡᠮᠡᠭᠦ ᠠᠯᠳᠠᠨ ᠥᠰᠥᠭᠲᠣ ᠢᠯᠡᠷᠬᠡᠶᠢᠯᠡᠯ ᠣᠯᠭᠤᠪᠠ᠃ 1956 ᠣᠨ ᠳᠤ | ᠵᠡᠭᠦᠨ ᠥᠵᠥᠮᠥᠴᠢᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠠᠳᠡ ᠲᠥᠪᠯᠡᠵᠣ᠂ ᠰᠣᠶᠣᠯ ᠤᠨ | ᠬᠤᠪᠢᠰᠬᠠᠯ ᠲᠣᠮᠳᠠ ᠶᠡᠭᠡᠪᠡᠷ ᠡᠪᠳᠡᠭᠳᠡᠵᠣ᠂ 1984 ᠣᠨ ᠳᠤ ᠱᠠᠰᠢᠨ ᠰᠣᠷᠳᠠᠬᠤᠨ ᠤ ᠠᠵᠢᠯᠯᠠᠭ᠎ᠠ ᠪᠠᠨ | ᠰᠡᠷᠭᠦᠭᠡᠵᠡᠢ᠃ | | | | | | | | |