| ᠵᠠᠷᠢᠮ ᠬᠦᠮᠦᠨ ᠨᠤᠮ ᠤᠩᠰᠢᠬᠤ ᠶᠢ ᠬᠤᠶᠠᠷᠳᠠᠬᠢ ᠠᠮᠢᠳᠤᠷᠠᠯ ᠭᠡᠵᠦ ᠦᠵᠡᠳᠡᠭ ᠠᠴᠠ ᠪᠢᠳᠡ ᠨᠤᠮ | ᠤᠩᠰᠢᠬᠤ ᠶᠢᠨ ᠴᠢᠬᠤᠯᠠ ᠴᠢᠨᠠᠷ ᠪᠠ ᠵᠠᠶᠢᠯᠠᠰᠢ ᠦᠭᠡᠢ ᠴᠢᠨᠠᠷ ᠢ ᠮᠡᠳᠡᠵᠦ ᠪᠤᠯᠬᠤ ᠶᠤᠮ᠃ ᠨᠤᠮ ᠤᠩᠰᠢᠪᠠᠯ ᠪᠢᠳᠡ | ᠦᠩᠭᠡᠷᠡᠭᠦᠯᠦᠭᠰᠡᠨ ᠦᠭᠡᠢ ᠠᠮᠢᠳᠤᠷᠠᠯ ᠢ ᠡᠳ᠋ᠯᠡᠵᠦ᠂ ᠤᠶᠢᠯᠠᠭᠠᠭᠠ ᠦᠭᠡᠢ ᠬᠠᠶᠢᠷ᠎ᠠ ᠰᠡᠳᠬᠢᠯ ᠢ ᠤᠶᠢᠯᠠᠭᠠᠨ᠂ ᠤᠯᠵᠤ | ᠮᠡᠳᠡᠭᠰᠡᠨ ᠦᠭᠡᠢ ᠠᠮᠢᠳᠤᠷᠠᠯ ᠪᠠ ᠬᠠᠶᠢᠷ᠎ᠠ ᠰᠡᠳᠬᠢᠯ ᠤᠨ ᠨᠦᠭᠦᠭᠡ ᠲᠠᠯ᠎ᠠ ᠶᠢ ᠨᠢ ᠰᠡᠷᠡᠵᠦ ᠮᠡᠳᠡᠳᠡᠭ ᠢᠶᠠᠷ ᠬᠦᠮᠦᠰ ᠢ ᠦᠷᠦ | ᠵᠦᠭᠡᠯᠡᠨ ᠰᠡᠳᠬᠢᠯ ᠲᠠᠢ ᠦᠭᠭᠢᠶᠡᠮᠦᠷ ᠪᠠᠶᠠᠯᠢᠭ ᠡᠷᠳᠡᠮ ᠲᠠᠢ᠂ ᠴᠢᠨᠠᠭᠰᠢᠯᠠᠪᠠᠯ ᠡᠷᠬᠢᠮ ᠳᠡᠭᠡᠳᠦ ᠬᠦᠮᠦᠨ ᠪᠤᠯᠭᠠᠨ | ᠬᠤᠪᠢᠷᠠᠭᠤᠯᠳᠠᠭ ᠰᠠᠨ᠃ ᠡᠨᠡ ᠨᠢ ᠤᠳᠬ᠎ᠠ ᠵᠤᠬᠢᠶᠠᠯ ᠤᠨ ᠭᠤᠸ᠎ᠠ ᠰᠠᠶᠢᠬᠠᠨ ᠤ ᠬᠦᠮᠦᠵᠢᠯ ᠤᠨ ᠦᠢᠯᠡᠳᠦᠯ ᠶᠤᠮ᠃ | ᠲᠡᠭᠡᠪᠡᠯ ᠨᠤᠮ ᠢ ᠬᠡᠷᠬᠢᠨ ᠤᠩᠰᠢᠬᠤ ᠪᠤᠢ︖ ᠶᠠᠮᠠᠷ ᠨᠤᠮ ᠢ ᠤᠩᠰᠢᠬᠤ ᠪᠤᠢ︖ ᠭᠡᠳᠡᠭ ᠠᠰᠠᠭᠤᠳᠠᠯ ᠪᠠᠭᠠᠴᠤᠳ | ᠵᠠᠯᠠᠭᠤᠴᠤᠳ ᠤᠨ ᠡᠮᠦᠨ᠎ᠡ ᠲᠠᠯᠪᠢᠭᠳᠠᠵᠤ ᠪᠠᠶᠢᠭ᠎ᠠ ᠰᠠᠨ᠃ ᠠᠳᠡ ᠤᠷᠠᠨ ᠵᠤᠬᠢᠶᠠᠯ ᠤᠩᠰᠢᠬᠤ ᠶᠢ ᠵᠤᠬᠢᠶᠠᠨ ᠪᠢᠴᠢᠯᠭᠡ ᠲᠠᠢ | ᠤᠶᠠᠯᠳᠤᠭᠤᠯᠬᠤ ᠲᠠᠯ᠎ᠠ ᠪᠠᠷ 10 ᠰᠠᠨᠠᠭᠤᠯᠭ᠎ᠠ ᠳᠤᠷᠠᠳᠤᠶ᠎ᠠ᠃ | 1. ᠨᠤᠮ ᠤᠩᠰᠢᠬᠤ ᠳᠤᠷ᠎ᠠ ᠪᠠᠬ᠎ᠠ ᠲᠠᠢ ᠪᠤᠯᠵᠤ᠂ ᠲᠡᠭᠦᠨ ᠢᠶᠠᠨ ᠳᠠᠳᠬᠠᠯ ᠪᠤᠯᠭᠠᠬᠤ ᠬᠡᠷᠡᠭᠲᠡᠢ | ᠨᠤᠮ ᠢ ᠰᠠᠶᠢᠲᠤᠷ ᠤᠩᠰᠢᠬᠤ ᠨᠢ ᠮᠡᠳᠡᠯᠭᠡ ᠴᠢᠳᠠᠪᠤᠷᠢ ᠲᠠᠢ ᠪᠤᠯᠬᠤ ᠶᠢᠨ ᠰᠠᠭᠤᠷᠢ ᠪᠤᠯᠬᠤ ᠮᠦᠷᠲᠡᠭᠡᠨ ᠵᠠᠩᠭᠢᠯᠠᠭ᠎ᠠ | ᠪᠤᠯᠬᠤ ᠶᠤᠮ᠃ ᠨᠤᠮ ᠤᠩᠰᠢᠬᠤ ᠶᠢᠨ ᠲᠤᠬᠠᠢ ᠮᠡᠷᠭᠡᠨ ᠰᠡᠴᠡᠨ ᠦᠭᠡ ᠪᠠᠶᠢᠳᠠᠭ ᠯᠠ ᠳ᠋ᠠ᠃ ᠮᠢᠨᠦ ᠬᠠᠮᠤᠭ ᠠᠴᠠ | ᠲᠤᠭᠤᠳᠠᠭ ᠨᠢ ᠮᠠᠨ ᠤ ᠮᠤᠩᠭᠤᠯᠴᠤᠳ ᠤᠨ ︽ᠨᠤᠮ ᠤᠩᠰᠢᠬᠤ ᠦᠭᠡᠢ ᠪᠤᠯ ᠤᠬᠠᠭᠠᠨ ᠠᠲᠠᠷᠰᠢᠨᠠ᠂ ᠪᠢᠴᠢᠭ ᠰᠤᠷᠬᠤ | ᠦᠭᠡᠢ ᠪᠤᠯ ᠪᠢᠯᠢᠭ ᠠᠲᠠᠷᠰᠢᠨᠠ︾ ᠭᠡᠬᠦ ᠮᠡᠷᠭᠡᠨ ᠦᠭᠡ ᠪᠤᠯᠤᠨ᠎ᠠ᠃ | 2. ᠪᠡᠶ᠎ᠡ ᠳᠡᠭᠡᠨ ᠲᠤᠬᠢᠷᠠᠭᠰᠠᠨ ᠵᠤᠬᠢᠶᠠᠯᠴᠢ ᠶᠢᠨ ᠵᠤᠬᠢᠶᠠᠯ ᠢ ᠰᠤᠩᠭᠤᠵᠤ ᠤᠩᠰᠢᠬᠤ ᠬᠡᠷᠡᠭᠲᠡᠢ | ᠬᠦᠮᠦᠨ ᠪᠤᠯᠭᠠᠨ ᠪᠤᠳᠠᠭᠠᠯᠢ ᠴᠢᠨᠠᠷ ᠤᠨ ᠵᠦᠷᠢᠶ᠎ᠡ ᠲᠠᠢ ᠪᠦᠭᠡᠳ ᠳᠤᠷᠠᠰᠢᠯ ᠴᠦ ᠠᠳᠠᠯᠢ ᠪᠤᠰᠤ ᠪᠠᠶᠢᠳᠠᠭ᠃ | ᠠᠰᠪᠤᠷ ᠵᠠᠩ ᠲᠠᠢ ᠬᠦᠮᠦᠨ ᠬᠡᠯᠡᠨ ᠤ ᠬᠡᠪ ᠨᠠᠮᠪᠠ ᠠᠷᠤᠤᠬᠠᠨ ᠵᠤᠬᠢᠶᠠᠯ ᠢ ᠤᠩᠰᠢᠬᠤ ᠳᠤᠷᠠᠲᠠᠢ ᠪᠠᠶᠢᠬᠤ ᠳᠤ ᠮᠢᠬᠤᠰ ᠵᠠᠩ | ᠲᠠᠢ ᠬᠦᠮᠦᠨ ᠬᠡᠯᠡᠨ ᠤ ᠬᠡᠪ ᠨᠠᠮᠪᠠ ᠨᠢ ᠲᠤᠭᠤᠷᠢᠤ ᠵᠤᠬᠢᠶᠠᠯ ᠢ ᠪᠠᠭ᠋ᠠᠷᠬᠠᠳᠠᠭ᠃ ᠠᠯᠢ ᠲᠦᠷᠦᠯ ᠤᠨ ᠬᠢᠨ ᠪᠠᠶᠢᠭᠰᠠᠨ ᠬᠠᠮᠢᠶ᠎ᠠ | ᠦᠭᠡᠢ ᠨᠢᠭᠡ ᠨᠤᠮ ᠢ ᠤᠩᠰᠢᠭᠠᠳ ᠬᠡᠯᠡᠯᠭᠡ ᠳᠤᠨᠢ ᠲᠠᠲᠠᠭᠳᠠᠨ᠂ ᠬᠤᠯᠪᠤᠨ ᠪᠤᠳᠤᠯᠲᠠ᠂ ᠤᠷᠠᠯᠢᠭ ᠰᠡᠳᠬᠢᠬᠦᠢ | ᠴᠢᠨᠠᠭᠰᠢᠯᠠᠪᠠᠯ ᠪᠢᠯᠢᠭ ᠤᠩᠭᠤᠳ ᠨᠡᠭᠡᠭᠡᠭᠳᠡᠵᠦ ᠪᠠᠶᠢᠪᠠᠯ ᠡᠨᠡ ᠨᠤᠮ ᠢ ᠴᠢᠮᠠᠳᠤ ᠲᠤᠬᠢᠷᠠᠬᠤ ᠰᠠᠶᠢᠨ ᠨᠤᠮ ᠭᠡᠵᠦ ᠨᠤᠲᠠᠯᠠᠵᠤ | ᠪᠤᠯᠤᠨ᠎ᠠ᠃ | 3. ᠶᠡᠭᠡ ᠲᠦᠯᠦᠪ ᠦᠵᠡᠬᠦ ᠪᠤᠯᠤᠨ ᠤᠶᠢᠯᠠᠭᠠᠬᠤ | ᠶᠡᠭᠡ ᠲᠦᠯᠦᠪ ᠦᠵᠡᠬᠦ ᠭᠡᠳᠡᠭ ᠨᠢ ᠮᠤᠷᠢᠨ ᠳᠠᠪᠬᠢᠭ᠎ᠠ ᠪᠠᠷ ᠴᠡᠴᠡᠭ ᠰᠤᠨᠢᠷᠬᠠᠨ᠎ᠠ ᠭᠡᠰᠡᠨ ᠪᠢᠰᠢ᠂ ᠬᠠᠷᠢᠨ ᠨᠠᠮ | ᠰᠡᠯᠡᠭᠦᠨ ᠰᠦᠨᠢ ᠲᠠᠯᠪᠢᠭᠤᠷ ᠳ᠋ᠧᠩ ᠤᠨ ᠳᠤᠤᠷ᠎ᠠ ᠨᠢᠭᠡ ᠴᠤᠮᠤ ᠨᠤᠭᠤᠭᠠᠨ ᠴᠠᠢ ᠬᠢᠵᠦ ᠨᠢᠭᠡ ᠨᠤᠮ ᠢ ᠠᠮᠲᠠᠷᠬᠠᠨ ᠤᠩᠰᠢᠬᠤ | ᠪᠤᠯ ᠮᠠᠰᠢ ᠲᠠᠭᠠᠲᠠᠢ ᠶᠠᠪᠤᠳᠠᠯ ᠪᠢᠯᠡ᠃ ᠤᠷᠢᠳᠠᠪᠡᠷ ᠲᠤᠰ ᠨᠤᠮ ᠤᠨ ᠵᠤᠬᠢᠶᠠᠭᠴᠢ ᠨᠢ ᠬᠡᠨ ᠪᠤᠯᠬᠤ᠂ ᠪᠢᠴᠢᠭᠳᠡᠭᠰᠡᠨ ᠠᠬᠤᠢ | ᠪᠠᠶᠢᠳᠠᠯ ᠨᠢ ᠶᠠᠮᠠᠷ ᠪᠤᠯᠬᠤ ᠶᠢ ᠮᠡᠳᠡᠵᠦ ᠠᠪᠤᠭᠠᠳ ᠳᠠᠷᠠᠭ᠎ᠠ ᠨᠢ ᠤᠷᠤᠰᠢᠯ ᠪᠤᠯᠤᠨ ᠭᠠᠷᠭᠠᠯᠭ᠎ᠠ ᠶᠢ ᠤᠩᠰᠢᠵᠤ᠂ ᠨᠡᠷᠡᠲᠦ | ᠵᠤᠬᠢᠶᠠᠯᠴᠢ ᠶᠢᠨ ᠲᠤᠰ ᠵᠤᠬᠢᠶᠠᠯ ᠤᠨ ᠲᠤᠬᠠᠢ ᠦᠨᠡᠯᠡᠯᠲᠡ ᠰᠢᠭᠦᠮᠵᠢ ᠶᠢ ᠤᠶᠢᠯᠠᠭᠠᠵᠤ ᠠᠪᠤᠨ᠎ᠠ᠃ ᠲᠡᠭᠡᠭᠡᠳ ᠵᠤᠬᠢᠶᠠᠯ ᠢ | ᠲᠤᠭᠤᠷᠠᠲᠠᠯ᠎ᠠ ᠤᠩᠰᠢᠵᠤ ᠵᠤᠬᠢᠶᠠᠯ ᠤᠨ ᠦᠯᠢᠭᠡᠷ ᠪᠤᠯᠤᠨ ᠵᠤᠬᠢᠶᠠᠯ ᠤᠨ ᠪᠠᠭᠠᠲᠤᠷ ᠤᠨ ᠬᠤᠪᠢ ᠵᠠᠶᠠᠭ᠎ᠠ ᠶᠢ ᠦᠨᠡᠨᠬᠦ | ᠮᠡᠳᠡᠭᠰᠡᠨ ᠪᠠᠶᠢᠬᠤ ᠬᠡᠷᠡᠭᠲᠡᠢ᠃ | 4. ᠬᠤᠷᠸ᠎ᠠ ᠤᠩᠰᠢᠯᠭ᠎ᠠ | ︽ᠤᠮᠠᠷᠠᠲᠤ ᠤᠷᠤᠨ ᠤ ᠦᠩᠭᠡ ᠦᠵᠡᠮᠵᠢ ᠮᠢᠩᠭᠠᠨ ᠭᠠᠵᠠᠷ ᠮᠦᠰᠦ ᠪᠦᠷᠬᠦᠵᠦ ᠲᠦᠮᠡᠨ ᠭᠠᠵᠠᠷ ᠴᠠᠰᠤ | ᠯᠠᠪᠰᠠᠮᠤᠢ︾ ︵ᠮᠠᠤ ᠽᠧ ᠳ᠋ᠦᠩ᠄ ᠴᠢᠨ ᠶᠤᠸᠠᠨ ᠴᠦᠨ ︽ᠴᠠᠰᠤ︾ ᠭᠡᠮᠡᠬᠦ ᠳᠠᠭᠤᠯᠠᠯ︶ ᠢᠩᠭᠢᠵᠦ ᠪᠦᠬᠦ ᠪᠠᠶᠢᠳᠠᠯ | ᠦᠨᠳᠦᠷ ᠳᠡᠭᠡᠷ᠎ᠡ ᠠᠴᠠ ᠦᠩᠭᠡᠶᠢᠨ ᠬᠠᠷᠠᠭᠰᠠᠨ ᠰᠠᠭᠤᠭᠳᠠᠯ ᠲᠠᠢ ᠪᠠᠶᠢᠪᠠᠯ ᠰᠠᠶ᠋ᠢ ᠵᠤᠬᠢᠶᠠᠯ ᠤᠨ ᠬᠦᠦᠷᠨᠢᠬᠦ ᠮᠡᠷᠭᠡᠵᠢᠯ ᠪᠤᠯᠤᠨ | ᠵᠤᠬᠢᠶᠠᠮᠵᠢ ᠵᠢᠴᠢ ᠵᠤᠬᠢᠶᠠᠨ ᠪᠢᠴᠢᠬᠦ ᠬᠡᠪ ᠵᠠᠭᠪᠤᠷ ᠢ ᠡᠵᠡᠮᠳᠡᠵᠦ ᠴᠢᠳᠠᠨ᠎ᠠ᠃ ᠬᠦᠦᠷᠨᠢᠨ ᠲᠤᠭᠠᠴᠢᠵᠤ ᠴᠢᠳᠠᠬᠤ ᠦᠭᠡᠢ | ᠲᠤᠯᠠ ᠤᠷᠠᠨ ᠵᠤᠬᠢᠶᠠᠯ ᠪᠦᠲᠦᠭᠡᠵᠦ ᠴᠢᠳᠠᠬᠤ ᠦᠭᠡᠢ ᠲᠤᠯᠠ ᠡᠨᠡ ᠨᠢ ᠮᠠᠰᠢ ᠴᠢᠬᠤᠯᠠ ᠵᠦᠢᠯ ᠶᠤᠮ᠃ | 5. ᠪᠢᠴᠢᠯ ᠨᠠᠷᠢᠯᠢᠭ ᠤᠩᠰᠢᠯᠭ᠎ᠠ | ᠵᠤᠬᠢᠶᠠᠯ ᠤᠨ ᠦᠭᠡ ᠦᠭᠦᠯᠡᠪᠦᠷᠢ ᠶᠢ ᠶᠠᠭ ᠬᠠᠳᠬᠤᠮᠠᠯ ᠬᠠᠳᠬᠤᠬᠤ ᠰᠢᠭ᠋ ᠨᠠᠷᠢᠯᠢᠭ ᠤᠩᠰᠢᠵᠤ᠂ | ᠵᠤᠬᠢᠶᠠᠯᠴᠢ ᠶᠢᠨ ᠬᠡᠯᠡᠨ ᠤ ᠬᠡᠪ ᠨᠠᠮᠪᠠ᠂ ᠬᠦᠮᠦᠨ ᠪᠠ ᠪᠤᠳᠠᠰ ᠢ ᠳᠦᠷᠰᠦᠯᠡᠨ ᠵᠢᠷᠤᠭᠯᠠᠭᠰᠠᠨ ᠮᠡᠷᠭᠡᠵᠢᠯ ᠤᠳ ᠢ ᠤᠶᠢᠯᠠᠭᠠᠬᠤ | ᠬᠡᠷᠡᠭᠲᠡᠢ᠃ ᠡᠨᠡᠬᠦ ᠰᠠᠭᠤᠷᠢᠨ ᠳᠡᠭᠡᠷ᠎ᠡ ᠦᠪᠡᠷ ᠤᠨ ᠰᠠᠨᠠᠭᠠᠨ ᠲᠠᠪᠠ ᠪᠠᠷ ᠢᠶᠠᠨ ᠵᠢᠷᠤᠵᠤ ᠴᠢᠳᠠᠬᠤ ᠦᠭᠡᠢ ᠪᠤᠯ | ᠵᠤᠬᠢᠶᠠᠭᠴᠢ ᠶᠢᠨ ᠰᠡᠳᠬᠢᠯ ᠢ ᠤᠶᠢᠯᠠᠭᠠᠵᠤ ᠳᠡᠶᠢᠯᠭᠦ ᠦᠭᠡᠢ᠂ ᠨᠡᠩ ᠤᠩᠰᠢᠭᠴᠢᠳ ᠲᠠᠢ ᠰᠡᠳᠬᠢᠯ ᠢᠶᠠᠨ ᠮᠡᠳᠡᠯᠴᠡᠨ᠎ᠡ ᠭᠡᠳᠡᠭ | ᠪᠠᠶᠢᠵᠤ ᠴᠢᠳᠠᠰᠢ ᠦᠭᠡᠢ ᠶᠤᠮ᠃ | 6. ᠢᠮᠠᠭᠲᠠ ᠵᠢᠷᠤᠵᠤ ᠴᠤᠬᠤᠯᠠᠨ ᠬᠠᠭᠤᠯᠠᠵᠤ ᠰᠡᠶᠢᠷᠡᠭᠦᠯᠵᠦ ᠪᠠᠢ | ᠨᠤᠮ ᠤᠩᠰᠢᠬᠤ ᠳᠠᠭᠠᠨ ᠪᠢᠷ ᠢᠶᠠᠨ ᠪᠠᠷᠢᠵᠤ ᠲᠡᠳᠡᠭᠡᠷ ᠰᠤᠳᠤᠨ ᠦᠭᠡ ᠦᠭᠦᠯᠡᠪᠦᠷᠢ᠂ ᠬᠡᠰᠡᠭ ᠪᠠᠳᠠᠭ ᠢ ᠵᠢᠷᠤᠵᠤ | ᠴᠤᠬᠤᠯᠠᠨ ᠲᠡᠮᠳᠡᠭᠯᠡᠵᠦ ᠠᠪᠬᠤ ᠬᠡᠷᠡᠭᠲᠡᠢ᠃ ᠡᠨᠡ ᠪᠤᠯ ᠮᠡᠳᠡᠯᠭᠡ ᠶᠢ ᠰᠢᠭᠤᠳ ᠬᠤᠷᠠᠮᠳᠤᠭᠤᠯᠬᠤ ᠶᠠᠪᠤᠴᠠ ᠶᠤᠮ᠃ | 7. ᠨᠤᠮ ᠤᠩᠰᠢᠬᠤ ᠴᠤᠬᠤᠯᠠᠪᠤᠷᠢ ᠪᠢᠴᠢᠬᠦ ᠬᠡᠷᠡᠭᠲᠡᠢ | ᠨᠤᠮ ᠤᠩᠰᠢᠬᠤ ᠳᠠᠭᠠᠨ ᠲᠠᠭᠠᠰᠢᠶᠠᠭᠰᠠᠨ᠂ ᠪᠤᠷᠤᠭᠤᠰᠢᠶᠠᠭᠰᠠᠨ᠂ ᠬᠤᠯᠪᠤᠨ ᠪᠤᠳᠤᠭᠰᠠᠨ ᠪᠤᠯᠤᠨ ᠲᠤᠬᠠᠢ ᠶᠢᠨ | ᠦᠶ᠎ᠡ ᠳᠤ ᠪᠤᠢ ᠪᠤᠯᠤᠭᠰᠠᠨ ᠵᠤᠬᠢᠶᠠᠨ ᠪᠢᠴᠢᠬᠦ ᠲᠤᠭᠳᠤᠯᠤᠯ ᠪᠠ ᠬᠤᠷᠴᠠ ᠰᠡᠷᠡᠯ ᠢᠶᠠᠨ ᠲᠡᠮᠳᠡᠭᠯᠡᠭᠰᠡᠨ ᠪᠠᠶᠢᠬᠤ ᠬᠡᠷᠡᠭᠲᠡᠢ᠃ | ᠤᠩᠰᠢᠭᠴᠢᠳ ᠨᠢ ᠰᠡᠵᠢᠭ ᠲᠠᠢ ᠪᠠᠶᠢᠳᠠᠯ ᠲᠤᠬᠢᠶᠠᠯᠳᠤᠨ᠎ᠠ᠃ ᠪᠢᠳᠡ ᠰᠢᠭᠦᠮᠵᠢᠯᠡᠬᠦ ᠶᠢ ᠰᠤᠷᠬᠤ ᠪᠠᠷ ᠪᠠᠷᠠᠬᠤ ᠦᠭᠡᠢ᠂ | ᠪᠤᠷᠤᠭᠤᠰᠢᠶᠠᠨ ᠰᠢᠭᠦᠮᠵᠢᠯᠡᠬᠦ ᠶᠢ ᠴᠦ ᠰᠤᠷᠬᠤ ᠬᠡᠷᠡᠭᠲᠡᠢ᠃ ᠡᠨᠡ ᠪᠤᠯ ᠵᠤᠬᠢᠶᠠᠭᠴᠢ ᠶᠢᠨ ᠦᠭᠡ ᠬᠡᠯᠡᠬᠦ ᠡᠷᠬᠡ ᠲᠠᠢ ᠪᠤᠯᠬᠤ | ᠪᠠ ᠪᠦᠲᠦᠭᠡᠯᠴᠢ ᠵᠤᠷᠢᠭ ᠰᠠᠨᠠᠭ᠎ᠠ ᠲᠠᠢ ᠪᠤᠯᠬᠤ ᠠᠷᠭ᠎ᠠ ᠵᠠᠮ ᠶᠤᠮ᠃ | 8. ᠵᠤᠬᠢᠶᠠᠯ ᠤᠨ ᠰᠢᠭᠦᠮᠵᠢ ᠪᠠ ᠨᠤᠮ ᠤᠩᠰᠢᠭᠰᠠᠨ ᠰᠤᠯᠠ ᠲᠡᠮᠳᠡᠭᠯᠡᠯ ᠪᠢᠴᠢᠬᠦ ᠬᠡᠷᠡᠭᠲᠡᠢ | ᠡᠨᠡ ᠨᠢ ᠨᠤᠮ ᠤᠩᠰᠢᠭᠰᠠᠨ ᠲᠦᠷᠦᠭᠳᠡᠯ ᠪᠢᠴᠢᠬᠦ ᠠᠴᠠ ᠦᠨᠳᠦᠷ ᠱᠠᠭᠠᠷᠳᠠᠯᠭ᠎ᠠ ᠶᠤᠮ᠂ ᠵᠤᠬᠢᠶᠠᠨ ᠪᠢᠴᠢᠵᠦ | ᠪᠤᠯᠪᠠᠰᠤᠷᠠᠬᠤ ᠳᠠᠭᠠᠨ ᠵᠤᠬᠢᠶᠠᠯᠴᠢ ᠶᠢ ᠦᠨᠡᠯᠡᠬᠦ᠂ ᠵᠤᠬᠢᠶᠠᠯ ᠵᠠᠳᠠᠯᠬᠤ᠂ ᠴᠢᠨᠠᠭᠰᠢᠯᠠᠪᠠᠯ ᠬᠤᠯᠪᠤᠨ ᠪᠤᠳᠤᠵᠤ ᠦᠪᠡᠷ ᠤᠨ | ᠭᠡᠰᠡᠨ ᠦᠵᠡᠯᠲᠡ ᠪᠠᠨ ᠳᠤᠷᠠᠳᠴᠤ ᠰᠤᠷᠬᠤ ᠬᠡᠷᠡᠭᠲᠡᠢ᠃ | 9. ᠲᠦᠪᠯᠡᠷᠡᠭᠦᠯᠦᠨ ᠤᠩᠰᠢᠬᠤ ᠪᠠ ᠳᠡᠯᠭᠡᠷᠡᠩᠭᠦᠢ ᠤᠩᠰᠢᠯᠭ᠎ᠠ ᠶᠢ ᠤᠶᠠᠯᠳᠤᠭᠤᠯᠬᠤ ᠬᠡᠷᠡᠭᠲᠡᠢ | ᠦᠪᠡᠷ ᠤᠨ ᠪᠠᠭ᠋ᠠᠷᠬᠠᠳᠠᠭ ᠵᠤᠬᠢᠶᠠᠯᠴᠢ ᠶᠢᠨ ᠪᠦᠲᠦᠭᠡᠯ ᠢ ᠲᠤᠰᠬᠠᠶᠢᠯᠠᠨ ᠤᠩᠰᠢᠬᠤ ᠠᠴᠠ ᠭᠠᠳᠠᠨ᠎ᠠ᠂ ᠠᠳᠠᠯᠢ ᠬᠡᠪ | ᠨᠠᠮᠪᠠ ᠲᠠᠢ ᠵᠤᠬᠢᠶᠠᠯᠴᠢ ᠶᠢᠨ ᠵᠤᠬᠢᠶᠠᠯ ᠢ ᠤᠯᠠᠨ ᠤᠩᠰᠢᠬᠤ ᠬᠡᠷᠡᠭᠲᠡᠢ᠂ ᠳᠡᠯᠭᠡᠷᠡᠩᠭᠦᠢ ᠤᠩᠰᠢᠯᠭ᠎ᠠ ᠨᠢ ᠤᠯᠠᠨ ᠵᠦᠢᠯ ᠤᠨ | ᠵᠤᠬᠢᠶᠠᠨ ᠪᠢᠴᠢᠬᠦ ᠬᠡᠪ ᠨᠠᠮᠪᠠ ᠶᠢ ᠤᠶᠢᠯᠠᠭᠠᠵᠤ᠂ ᠡᠭᠦᠨ ᠠᠴᠠ ᠨᠡᠩ ᠠᠷᠪᠢᠨ ᠲᠤᠰᠠᠲᠠᠢ ᠵᠦᠢᠯ ᠢ ᠰᠢᠩᠭᠡᠨ ᠠᠪᠤᠭᠠᠳ | ᠦᠪᠡᠷ ᠤᠨ ᠭᠡᠰᠡᠨ ᠬᠡᠪ ᠨᠠᠮᠪᠠ ᠪᠠᠨ ᠪᠦᠷᠢᠯᠳᠦᠭᠦᠯᠬᠦ ᠬᠡᠷᠡᠭᠲᠡᠢ᠃ | 10. ᠪᠠᠶᠢᠭᠠᠯᠢ ᠶᠢᠨ ᠪᠠ ᠠᠷᠠᠳ ᠤᠨ ᠬᠢ ᠶᠢ ᠤᠩᠰᠢᠬᠤ ᠬᠡᠷᠡᠭᠲᠡᠢ | ᠰᠢᠯᠢᠳᠡᠭ ᠶᠠᠭᠤᠮ᠎ᠠ ᠪᠦᠬᠦᠨ ᠪᠠᠶᠢᠭᠠᠯᠢ ᠳᠤ ᠪᠠᠶᠢᠳᠠᠭ᠂ ᠠᠷᠠᠳ ᠤᠨ ᠳᠤᠮᠳᠠ ᠪᠠᠶᠢᠳᠠᠭ᠃ ᠡᠨᠡ ᠪᠤᠯ ᠬᠠᠮᠤᠭ ᠤᠨ | ᠰᠠᠶᠢᠨ ᠬᠤᠶᠠᠷ ᠨᠤᠮ ᠪᠤᠯᠬᠤ ᠶᠤᠮ᠃ ᠬᠠᠷᠠᠮᠰᠠᠯᠲᠠᠢ ᠨᠢ ᠤᠯᠠᠩᠬᠢ ᠬᠦᠮᠦᠰ ᠡᠭᠦᠨ ᠢ ᠦᠵᠡᠵᠦ ᠪᠠᠶᠢᠭᠠᠳ ᠤᠶᠢᠰᠢᠶᠠᠬᠤ | ᠦᠭᠡᠢ᠂ ᠭᠦᠨᠵᠡᠭᠡᠢ ᠰᠡᠳᠬᠢᠨ ᠪᠤᠳᠤᠯᠬᠢᠯᠠᠳᠠᠭ ᠦᠭᠡᠢ᠃ ᠬᠠᠯᠠᠭᠤᠨ ᠬᠠᠷᠠᠭᠠᠯᠵᠠᠯ ᠪᠤᠯᠤᠨ ᠡᠴᠦᠰ ᠤᠨ ᠬᠠᠯᠠᠮᠵᠢᠯᠠᠯ ᠢᠶᠠᠨ | ᠦᠵᠡᠭᠦᠯᠦᠨ᠂ ᠦᠵᠡᠰᠬᠦᠯᠡᠩᠲᠦ ᠰᠠᠶᠢᠬᠠᠨ ᠠᠭᠤᠯᠠ ᠤᠰᠤ ᠪᠤᠯᠤᠨ ᠦᠷᠭᠡᠨ ᠳᠡᠯᠭᠡᠷ ᠰᠤᠶᠤᠯ ᠢᠷᠭᠡᠨᠰᠢᠯ ᠤᠨ ᠦᠵᠡᠮᠵᠢ | ᠲᠠᠢ ᠤᠶᠢᠷᠠᠲᠤᠪᠠᠯ ᠪᠢᠳᠡ ᠦᠪᠡᠷ ᠢ ᠪᠠᠨ ᠤᠬᠠᠭᠠᠨ ᠮᠡᠳᠡᠯᠭᠡ ᠲᠠᠢ ᠬᠦᠮᠦᠨ ᠪᠤᠯᠬᠤ ᠦᠭᠡᠢ ᠭᠡᠵᠦ ᠵᠤᠪᠠᠨᠢᠬᠤ ᠤᠴᠢᠷ | ᠪᠠᠶᠢᠨ᠎ᠠ ᠦᠦ︖ |