︽ᠰᠤᠶᠢᠯᠠᠭ᠎ᠠ︾ ᠲᠠᠭᠠᠷᠠᠭᠤᠯᠬᠤ ᠨᠢ ᠮᠠᠰᠢ ᠴᠢᠬᠤᠯᠠ
ᠨᠡᠶᠢᠲᠡᠯᠡᠭᠰᠡᠨ ᠴᠠᠭ᠄
2017-05-27
       ᠶᠡᠭᠡ ᠳᠡᠭᠡᠳᠦ ᠰᠤᠷᠭᠠᠭᠤᠯᠢ ᠳᠤ ᠰᠢᠯᠭᠠᠭᠤᠯᠬᠤ ᠤᠯᠤᠰ ᠤᠨ ᠨᠢᠭᠡᠲᠦᠯᠲᠡᠢ ᠰᠢᠯᠭᠠᠯᠲᠠ ᠭᠡᠳᠡᠭ ᠴᠢᠨᠢ ᠰᠢᠷᠪᠤᠰᠤ ᠰᠤᠩᠭᠠᠬᠤ ᠡᠷᠳᠡᠮ ᠰᠢᠯᠭᠠᠬᠤ ᠦᠶ᠎ᠡ᠂ ᠠᠷᠪᠠᠨ ᠵᠢᠯ ᠰᠤᠷᠤᠭᠰᠠᠨ ᠮᠡᠳᠡᠯᠭᠡ ᠪᠠᠨ ᠲᠡᠩᠴᠡᠭᠦᠯᠬᠦ ᠰᠢᠪᠲᠤᠯᠤᠯᠲᠠ ᠶᠢᠨ ᠮᠦᠴᠡ ᠮᠦᠨ᠃ ᠡᠨᠡ ᠦᠶ᠎ᠡ ᠳᠤ ᠡᠷᠳᠡᠮ ᠮᠡᠳᠡᠯᠭᠡ ᠪᠠᠨ ᠡᠵᠡᠮᠰᠢᠭᠰᠡᠨ ᠰᠠᠭᠤᠷᠢᠨ ᠳᠡᠭᠡᠷ᠎ᠡ ᠦᠪᠡᠷ ᠤᠨ ᠪᠡᠶ᠎ᠡ ᠶᠢᠨ ᠪᠠᠶᠢᠳᠠᠯ ᠳᠠᠭᠠᠨ ᠲᠤᠬᠢᠷᠠᠭᠤᠯᠵᠤ᠂ ᠬᠤᠭᠤᠯᠠ ᠬᠦᠨᠡᠰᠦ ᠪᠠᠨ ᠲᠡᠩᠴᠡᠭᠦᠯᠬᠦ ᠳᠠᠷᠤᠢ ︽ᠰᠤᠶᠢᠯᠠᠭ᠎ᠠ︾ ᠲᠡᠩᠴᠡᠭᠦᠯᠬᠦ ᠨᠢ ᠮᠠᠰᠢ ᠴᠢᠬᠤᠯᠠ᠃        ᠡᠷᠡᠭᠦᠯ ᠪᠡᠶ᠎ᠡ ᠪᠠᠶᠢᠬᠤ ᠦᠭᠡᠢ ᠪᠤᠯ ᠪᠦᠬᠦ ᠶᠠᠭᠤᠮ᠎ᠠ ᠬᠤᠭᠤᠰᠤᠨ ᠪᠤᠯᠳᠠᠭ᠃ ᠰᠢᠮ᠎ᠡ ᠲᠡᠵᠢᠭᠡᠯ᠂ ᠬᠤᠭᠤᠯᠠ ᠬᠦᠨᠡᠰᠦ ᠶᠡᠭᠡ ᠴᠢᠬᠤᠯᠠ᠃ ︽ᠬᠡᠷᠪᠡ ᠬᠦᠮᠦᠨ ᠢ ᠬᠤᠶᠠᠷᠬᠠᠨ ᠡᠰ ᠢᠶᠠᠷ ᠪᠦᠷᠢᠯᠳᠦᠭᠰᠡᠨ ᠭᠡᠵᠦ ᠪᠤᠳᠤᠪᠠᠯ ᠪᠦᠭᠦᠳᠡᠭᠡᠷ ᠢᠶᠠᠨ ᠬᠤᠭᠤᠯᠠ ᠬᠦᠨᠡᠰᠦ ᠪᠠᠶᠢᠳᠠᠭ︾ ᠭᠡᠵᠦ ᠡᠷᠡᠭᠦᠯ ᠮᠡᠨᠳᠦ ᠶᠢᠨ ᠵᠦᠪᠯᠡᠭᠴᠢ ᠮᠦᠩᠬᠡ ᠡᠮᠴᠢ ᠶᠠᠷᠢᠭᠰᠠᠨ ᠪᠠᠶᠢᠳᠠᠭ᠃ ᠬᠤᠭᠤᠯᠠ ᠬᠦᠨᠡᠰᠦ ᠶᠢ ᠲᠡᠩᠴᠡᠭᠦᠯᠬᠦ ᠨᠢ ᠰᠢᠯᠭᠠᠯᠲᠠ ᠳᠤ ᠤᠷᠤᠯᠴᠠᠬᠤ ᠶᠢᠨ ᠰᠠᠭᠤᠷᠢ᠂ ᠠᠮᠵᠢᠯᠲᠠ ᠪᠠᠶᠢᠭᠤᠯᠬᠤ ᠳᠤ ᠲᠤᠲᠠᠭᠳᠠᠵᠤ ᠪᠤᠯᠤᠰᠢ ᠦᠭᠡᠢ᠃ ᠡᠶᠢᠮᠦ ᠠᠴᠠ ᠭᠡᠷ ᠤᠨ ᠠᠬᠠᠮᠠᠳ ᠪᠤᠯᠤᠨ ᠰᠢᠯᠭᠠᠭᠤᠯᠤᠭᠰᠠᠳ ᠲᠤ ᠬᠠᠨᠳᠤᠵᠤ᠂ ᠦᠪᠦᠷ ᠮᠤᠩᠭᠤᠯ ᠤᠨ ᠠᠷᠠᠳ ᠤᠨ ᠡᠮᠨᠡᠯᠭᠡ ᠶᠢᠨ ᠬᠤᠷᠢᠶ᠎ᠠ ᠶᠢᠨ ᠰᠢᠮ᠎ᠡ ᠲᠡᠵᠢᠭᠡᠯ ᠤᠨ ᠲᠦᠪ ᠤᠨ ᠭᠤᠤᠯᠯᠠᠭᠴᠢ ᠡᠮᠴᠢ ᠠᠯᠢᠮ᠎ᠠ ᠲᠠᠢ ᠬᠢᠭᠰᠡᠨ ᠶᠠᠷᠢᠯᠴᠠᠭ᠎ᠠ ᠪᠠᠨ ᠤᠯᠠᠨ ᠲᠠᠢ ᠪᠠᠨ ᠬᠤᠪᠢᠶᠠᠯᠴᠠᠶ᠎ᠠ᠃        ᠰᠤᠷᠪᠤᠯᠵᠢᠯᠠᠭᠴᠢ᠄ ᠰᠢᠮ᠎ᠡ ᠲᠡᠵᠢᠭᠡᠯ ᠭᠡᠳᠡᠭ ᠪᠤᠯ ᠶᠡᠭᠡ ᠴᠢᠬᠤᠯᠠ᠃ ᠭᠡᠬᠦ ᠳᠡᠭᠡᠨ ᠶᠠᠮᠠᠷ ᠪᠠᠷᠢᠮᠵᠢᠶ᠎ᠠ ᠶᠢ ᠪᠠᠷᠢᠮᠲᠠᠯᠠᠪᠠᠯ ᠵᠤᠬᠢᠬᠤ ᠪᠤᠢ︖ ᠭᠡᠷ ᠤᠨ ᠠᠬᠠᠮᠠᠳ ᠪᠤᠯᠤᠨ ᠰᠢᠯᠭᠠᠭᠤᠯᠤᠭᠰᠠᠳ ᠡᠨᠡ ᠲᠡᠩᠨᠡᠭᠦᠷ ᠢ ᠶᠠᠭᠠᠬᠢᠵᠤ ᠪᠠᠲᠤᠯᠠᠬᠤ ᠪᠤᠢ︖        ᠠᠯᠢᠮ᠎ᠠ᠄ ᠡᠭᠦᠨ ᠢ ᠶᠡᠷᠦᠨᠢ ᠵᠠᠷᠴᠢᠮ ᠯᠡ ᠭᠡᠵᠦ ᠤᠶᠢᠯᠠᠭᠠᠬᠤ ᠪᠠᠶᠢᠬᠤ ᠡ᠃ ᠳᠦᠷᠪᠡᠨ ᠲᠠᠯ᠎ᠠ ᠠᠴᠠ ᠬᠠᠷᠢᠭᠤᠯᠤᠶ᠎ᠠ᠃ ᠨᠢᠭᠡ ᠳᠤ᠂ ᠲᠠᠶᠢᠪᠤᠩ ᠰᠡᠳᠬᠢᠯ ᠢ ᠪᠠᠷᠢᠮᠲᠠᠯᠠᠵᠤ᠂ ᠬᠤᠭᠤᠯᠠ ᠬᠦᠨᠡᠰᠦᠨ ᠤ ᠳᠠᠳᠬᠠᠯ ᠢᠶᠠᠨ ᠬᠤᠪᠢᠷᠠᠭᠤᠯᠵᠤ ᠪᠤᠯᠬᠤ ᠦᠭᠡᠢ᠃ ᠤᠯᠠᠩᠬᠢ ᠭᠡᠷ ᠤᠨ ᠠᠬᠠᠮᠠᠳ ᠬᠡᠦᠬᠡᠳ ᠤᠨ ᠢᠶᠠᠨ ᠰᠢᠮ᠎ᠡ ᠲᠡᠵᠢᠭᠡᠯ ᠲᠤᠲᠠᠬᠤ ᠠᠴᠠ ᠠᠶᠤᠵᠤ᠂ ᠰᠢᠯᠭᠠᠯᠲᠠ ᠶᠢᠨ ᠬᠤᠭᠤᠴᠠᠭᠠᠨ ᠳᠤ ᠡᠯᠳᠡᠪ ᠰᠢᠮ᠎ᠡ ᠲᠡᠵᠢᠭᠡᠯᠲᠦ ᠢᠳᠡᠭᠡᠨ ᠤᠮᠳᠠᠭᠠᠨ ᠪᠡᠯᠡᠳᠬᠡᠵᠦ᠂ ᠰᠢᠮ᠎ᠡ ᠲᠡᠵᠢᠭᠡᠯ ᠨᠦᠬᠦᠪᠦᠷᠢᠯᠡᠳᠡᠭ᠃ ᠡᠨᠡ ᠨᠢ ᠲᠠᠭᠠᠷᠠᠬᠤ ᠦᠭᠡᠢ᠃ ᠬᠠᠷᠢᠨ ᠬᠤᠭᠤᠯᠠ ᠬᠦᠨᠡᠰᠦᠨ ᠤ ᠳᠠᠳᠬᠠᠯ ᠢᠶᠠᠨ ᠬᠤᠪᠢᠷᠠᠭᠤᠯᠬᠤ ᠦᠭᠡᠢ ᠪᠠᠶᠢᠪᠠᠯ ᠵᠤᠬᠢᠨ᠎ᠠ᠃ ᠤᠤᠯ ᠤᠨ ᠢᠳᠡᠭᠡᠨ ᠤᠮᠳᠠᠭᠠᠨ ᠤ ᠬᠡᠮᠵᠢᠶ᠎ᠡ ᠪᠠᠨ ᠪᠠᠲᠤᠯᠠᠵᠤ᠂ ᠬᠡᠲᠦ ᠢᠳᠡᠬᠦ᠂ ᠬᠡᠲᠦ ᠤᠤᠭᠤᠬᠤ ᠠᠴᠠ ᠲᠠᠲᠠᠭᠠᠯᠵᠠ᠃ ᠬᠤᠶᠠᠷ ᠲᠤ᠂ ᠠᠷᠢᠭᠤᠨ ᠴᠡᠪᠡᠷ ᠢ ᠤᠨᠴᠠ ᠠᠩᠬᠠᠷᠤᠨ᠎ᠠ᠃ ᠲᠦᠭᠦᠬᠡᠢ ᠢᠳᠡᠭᠡᠨ ᠠᠴᠠ ᠵᠠᠶᠢᠯᠠᠰᠬᠢᠵᠦ᠂ ᠢᠳᠡᠭᠡᠨ ᠤᠮᠳᠠᠭᠠᠨ ᠬᠠᠷᠰᠢᠬᠤ ᠪᠤᠯᠤᠨ ᠬᠤᠳᠤᠭᠤᠳᠤ ᠭᠡᠳᠡᠰᠦ ᠡᠪ ᠦᠭᠡᠶᠢᠷᠡᠬᠦ ᠠᠴᠠ ᠵᠠᠶᠢᠯᠠᠰᠬᠢᠬᠦ ᠬᠡᠷᠡᠭᠲᠡᠢ᠃ ᠭᠤᠷᠪᠠ ᠳᠤ᠂ ᠡᠳᠦᠷ ᠪᠤᠯᠭᠠᠨ 1500-2000 ᠮᠢᠯᠢᠯᠢᠲᠷ ᠤᠰᠤ ᠤᠤᠭᠤᠵᠤ᠂ ᠰᠢᠨ᠎ᠡ ᠬᠠᠭᠤᠴᠢᠨ ᠤ ᠰᠤᠯᠢᠯᠴᠠᠭ᠎ᠠ ᠶᠢ ᠠᠬᠢᠭᠤᠯᠤᠨ᠎ᠠ᠃ ᠤᠮᠳᠠᠭᠠᠨ ᠢᠶᠠᠷ ᠪᠤᠴᠠᠯᠤᠭᠰᠠᠨ ᠤᠰᠤ ᠶᠢ ᠪᠢᠲᠡᠬᠡᠢ ᠤᠷᠤᠯᠠᠭᠤᠯ᠃ ᠰᠢᠯᠭᠠᠯᠲᠠ ᠳᠤ ᠤᠷᠤᠯᠴᠠᠬᠤ ᠳᠠᠭᠠᠨ ᠨᠢᠭᠡ ᠯᠤᠩᠬᠤ ᠤᠰᠤ ᠪᠡᠯᠡᠳᠬᠡᠵᠦ᠂ ᠪᠠᠭ᠎ᠠ ᠬᠡᠮᠵᠢᠶ᠎ᠡ ᠪᠠᠷ ᠤᠯᠠᠨ ᠤᠳᠠᠭ᠎ᠠ ᠤᠤᠭᠤᠵᠤ ᠪᠤᠯᠤᠨ᠎ᠠ᠃ ᠳᠦᠷᠪᠡ ᠳᠤ᠂ ᠪᠢᠲᠡᠬᠡᠢ ᠳᠤᠷ᠎ᠠ ᠪᠠᠷ ᠢᠶᠠᠨ ᠡᠯᠳᠡᠪ ᠵᠦᠢᠯ ᠤᠨ ᠰᠢᠮ᠎ᠡ ᠲᠡᠵᠢᠭᠡᠯ ᠨᠦᠬᠦᠬᠦ ᠪᠤᠳᠠᠰ ᠬᠤᠳᠠᠯᠳᠤᠨ ᠠᠪᠴᠤ ᠬᠡᠦᠬᠡᠳ ᠲᠡᠭᠡᠨ ᠢᠳᠡᠭᠦᠯ᠃ ᠬᠡᠷᠪᠡ ᠢᠳᠡᠵᠦ ᠳᠠᠳᠬᠤ ᠦᠭᠡᠢ ᠪᠤᠯ ᠬᠠᠷᠰᠢᠬᠤ᠂ ᠭᠦᠶᠦᠯᠭᠡᠬᠦ ᠵᠡᠷᠭᠡ ᠪᠠᠶᠢᠳᠠᠯ ᠭᠠᠷᠴᠤ ᠮᠡᠳᠡᠨ᠎ᠡ᠃ ᠶᠡᠬᠡᠩᠬᠢ ᠰᠢᠮ᠎ᠡ ᠲᠡᠵᠢᠭᠡᠯ ᠤᠨ ᠪᠤᠳᠠᠰ ᠨᠢ ᠰᠢᠬᠢᠷᠯᠢᠭ ᠠᠮᠲᠠ ᠲᠠᠢ᠃ ᠡᠨᠡ ᠨᠢ ᠢᠳᠡᠭᠡᠨ ᠤ ᠳᠤᠷᠠᠰᠢᠯ ᠢ ᠨᠦᠯᠦᠭᠡᠯᠡᠬᠦ ᠠᠶᠤᠯ ᠲᠠᠢ᠃        ᠰᠤᠷᠪᠤᠯᠵᠢᠯᠠᠭᠴᠢ᠄ ᠵᠠᠷᠴᠢᠮ ᠢ ᠲᠠ ᠮᠠᠰᠢ ᠲᠤᠳᠤᠷᠬᠠᠢ ᠶᠠᠷᠢᠯ᠎ᠠ᠃ ᠲᠡᠭᠡᠪᠡᠯ ᠶᠠᠭᠠᠬᠢᠵᠤ ᠲᠤᠬᠢᠷᠠᠭᠤᠯᠪᠠᠯ ᠵᠤᠬᠢᠰᠲᠠᠢ ᠪᠤᠢ︖        ᠠᠯᠢᠮ᠎ᠠ᠄ ᠨᠠᠷᠢᠯᠢᠭ ᠠᠮᠤ ︵ᠵᠢᠱᠢᠶᠡᠯᠡᠪᠡᠯ ᠴᠠᠭᠠᠨ ᠪᠤᠳᠠᠭ᠎ᠠ᠂ ᠮᠠᠨᠲᠸᠦ︶ ᠪᠠᠷ ᠭᠤᠤᠯᠯᠠᠬᠤ ᠠᠴᠠ ᠭᠠᠳᠠᠨ᠎ᠠ ᠬᠠᠮᠤᠭ ᠤᠨ ᠰᠠᠶᠢᠨ ᠨᠢ ᠰᠢᠷ᠎ᠠ ᠪᠤᠳᠠᠭ᠎ᠠ᠂ ᠨᠤᠬᠠᠢ ᠶᠢᠨ ᠬᠤᠰᠢᠭᠤ ᠵᠡᠷᠭᠡ ᠪᠦᠳᠦᠭᠦᠯᠢᠭ ᠠᠮᠤ ᠶᠢ ᠬᠠᠮᠲᠤᠳᠬᠠᠪᠠᠯ ᠵᠤᠬᠢᠨ᠎ᠠ᠃ ᠡᠳᠦᠷ ᠪᠤᠯᠭᠠᠨ ᠨᠢᠭᠡ ᠵᠢᠩ ᠢᠳᠡᠰᠢᠨ ᠨᠤᠭᠤᠭ᠎ᠠ᠂ ᠬᠠᠭᠠᠰ ᠵᠢᠩ ᠵᠢᠮᠢᠰ᠂ 2-3 ᠯᠠᠩ ᠬᠠᠷ᠎ᠠ ᠮᠢᠬ᠎ᠠ᠂ 1-2 ᠲᠠᠬᠢᠶᠠᠨ ᠦᠨᠳᠡᠭᠡ ᠢᠳᠡᠵᠦ᠂ 300 ᠮᠢᠯᠢᠯᠢᠲᠷ ᠰᠦ ᠤᠤᠭᠤᠨ᠎ᠠ᠃ ᠪᠠᠭ᠎ᠠ ᠬᠡᠮᠵᠢᠶᠡᠨ ᠤ ᠪᠤᠷᠴᠠᠭ ᠢᠶᠠᠷ ᠬᠢᠭᠰᠡᠨ ᠢᠳᠡᠭᠡᠨ᠂ ᠪᠤᠷᠴᠠᠭ᠂ ᠲᠤᠰᠤᠯᠢᠭ ᠤᠷᠭᠤᠮᠠᠯ ᠤᠨ ᠦᠷ᠎ᠡ ᠢᠳᠡᠵᠦ ᠪᠤᠯᠤᠨ᠎ᠠ᠃ ᠬᠠᠮᠤᠭ ᠰᠠᠶᠢᠨ ᠨᠢ ᠭᠠᠷᠠᠭ ᠪᠤᠯᠭᠠᠨ ᠵᠢᠭᠠᠰᠤᠨ ᠮᠢᠬ᠎ᠠ ᠢᠳᠡᠨ᠎ᠡ᠃        ᠰᠤᠷᠪᠤᠯᠵᠢᠯᠠᠭᠴᠢ᠄ ᠭᠤᠷᠪᠠᠨ ᠡᠷᠡᠨ ᠤ ᠬᠤᠭᠤᠯᠠᠨ ᠳᠤ ᠤᠨᠴᠠᠭᠠᠢ ᠱᠠᠭᠠᠷᠳᠠᠯᠭ᠎ᠠ ᠪᠠᠶᠢᠨ᠎ᠠ ᠦᠦ︖        ᠠᠯᠢᠮ᠎ᠠ᠄ ᠦᠷᠯᠦᠭᠡᠨ ᠤ ᠴᠠᠢ ᠶᠢ ᠤᠮᠳᠤᠭᠠᠶᠢᠯᠠᠵᠤ ᠪᠤᠯᠬᠤ ᠦᠭᠡᠢ᠃ ᠲᠤᠰᠤᠨ ᠳᠤ ᠰᠢᠷᠠᠭᠰᠠᠨ ᠢᠳᠡᠭᠡᠨ ᠢ ᠪᠤᠯᠬᠤ ᠶᠢᠨ ᠲᠤᠲᠤᠷ᠎ᠠ ᠰᠤᠩᠭᠤᠬᠤ ᠦᠭᠡᠢ᠃ ᠦᠨᠳᠦᠷ ᠤᠭᠤᠷᠠᠭ ᠲᠠᠢ ᠰᠢᠩᠭᠡᠨ ᠬᠤᠭᠤᠯᠠ ᠶᠢ ᠰᠤᠩᠭᠤᠨ᠎ᠠ᠃ ᠵᠢᠱᠢᠶᠡᠯᠡᠪᠡᠯ ᠰᠦ᠂ ᠦᠨᠳᠡᠭᠡ ᠵᠡᠷᠭᠡ᠃ ᠦᠳᠡ ᠶᠢᠨ ᠬᠤᠭᠤᠯᠠᠨ ᠳᠤ ᠲᠦᠷᠦᠯ ᠵᠦᠢᠯ ᠤᠯᠠᠨ ᠪᠠᠶᠢᠬᠤ ᠶᠢ ᠴᠢᠬᠤᠯᠠᠴᠢᠯᠠᠵᠤ᠂ ᠮᠢᠬ᠎ᠠ᠂ ᠦᠨᠳᠡᠭᠡ ᠵᠡᠷᠭᠡ ᠦᠨᠳᠦᠷ ᠤᠭᠤᠷᠠᠭ ᠲᠠᠢ ᠢᠳᠡᠭᠡᠨ ᠢ ᠢᠯᠡᠭᠦᠬᠡᠨ ᠢᠳᠡᠨ᠎ᠡ᠃ ᠤᠷᠤᠢ ᠳᠠᠭᠠᠨ ᠨᠠᠢᠮᠠᠨ ᠬᠤᠪᠢ ᠴᠠᠳᠪᠠᠯ ᠪᠤᠯᠴᠢᠬᠠᠨ᠎ᠠ᠂ ᠡᠨᠡ ᠨᠢ ᠤᠷᠤᠢ ᠶᠢᠨ ᠳᠠᠪᠲᠠᠯᠭ᠎ᠠ ᠶᠢᠨ ᠦᠷ᠎ᠡ ᠪᠦᠲᠦᠮᠵᠢ ᠶᠢ ᠪᠠᠲᠤᠯᠠᠭᠠᠳ ᠴᠢᠳᠠᠴᠢᠬᠠᠨ᠎ᠠ᠃ ᠬᠡᠷᠪᠡ ᠤᠷᠤᠢ ᠰᠤᠷᠤᠯᠴᠠᠵᠤ ᠪᠠᠷᠠᠭᠠᠳ ᠦᠯᠦᠰᠪᠡᠯ ᠪᠤᠷᠴᠠᠭ ᠤᠨ ᠵᠤᠲᠠᠩ᠂ ᠰᠦ᠂ ᠡᠭᠡᠳᠡᠭᠰᠡᠨ ᠰᠦ᠂ ᠰᠢᠩᠭᠡᠨ ᠪᠤᠳᠠᠭ᠎ᠠ ᠵᠡᠷᠭᠡ ᠶᠢ ᠰᠤᠩᠭᠤᠨ᠎ᠠ᠃        ᠰᠤᠷᠪᠤᠯᠵᠢᠯᠠᠭᠴᠢ᠄ ᠤᠳᠤ ᠶᠢᠨ ᠬᠦᠮᠦᠰ ᠶᠡᠷᠦᠨᠢ ᠨᠤᠶᠢᠷ ᠰᠡᠷᠢᠭᠡᠬᠦ ᠭᠡᠵᠦ ᠺᠤᠹᠧ ᠤᠤᠭᠤᠳᠠᠭ᠃ ᠡᠨᠡ ᠨᠢ ᠲᠠᠭᠠᠷᠠᠨ᠎ᠠ ᠦᠦ︖        ᠠᠯᠢᠮ᠎ᠠ᠄ ᠤᠳᠤ ᠶᠢᠨ ᠤᠯᠠᠩᠬᠢ ᠰᠤᠷᠤᠭᠴᠢᠳ ᠺᠤᠹᠧ ᠤᠤᠭᠤᠬᠤ ᠳᠠᠳᠬᠠᠯ ᠲᠠᠢ ᠪᠠᠶᠢᠳᠠᠭ᠃ ᠠᠳᠡ ᠰᠠᠨᠠᠭᠤᠯᠬᠤ ᠨᠢ᠂ ᠺᠤᠹᠧ ᠤᠤᠭᠤᠪᠠᠯ ᠤᠬᠤᠷ ᠬᠤᠭᠤᠴᠠᠭᠠᠨ ᠳᠤ ᠨᠤᠶᠢᠷ ᠬᠦᠷᠬᠦ ᠦᠭᠡᠢ᠃ ᠭᠡᠪᠡᠴᠦ ᠶᠡᠭᠡ ᠬᠡᠮᠵᠢᠶᠡᠨ ᠤ ᠰᠢᠮ᠎ᠡ ᠲᠡᠵᠢᠭᠡᠯ ᠢ ᠬᠤᠷᠤᠭᠳᠠᠭᠤᠯᠵᠤ᠂ ᠡᠴᠦᠰ ᠲᠡᠭᠡᠨ ᠤᠨᠲᠠᠵᠤ ᠠᠮᠠᠷᠠᠬᠤ ᠶᠢ ᠨᠦᠯᠦᠭᠡᠯᠡᠳᠡᠭ᠃ ᠪᠡᠶ᠎ᠡ ᠮᠠᠬᠠᠪᠤᠳ ᠴᠢᠨᠢ ᠴᠠᠭ ᠲᠠᠭᠠᠨ ᠠᠮᠠᠷᠠᠵᠤ ᠴᠢᠳᠠᠬᠤ ᠦᠭᠡᠢ ᠪᠤᠯ᠂ ᠭᠡᠳᠡᠷᠭᠦ ᠳᠡᠭᠡᠨ ᠲᠠᠮᠢᠷ ᠲᠡᠩᠬᠡᠭᠡ ᠰᠤᠯᠠᠷᠠᠵᠤ᠂ ᠰᠢᠯᠭᠠᠯᠲᠠ ᠶᠢᠨ ᠦᠷ᠎ᠡ ᠪᠦᠲᠦᠮᠵᠢ ᠶᠢ ᠨᠦᠯᠦᠭᠡᠯᠡᠨ᠎ᠡ᠃ ᠡᠶᠢᠮᠦ ᠠᠴᠠ ᠰᠢᠯᠭᠠᠯᠲᠠ ᠠᠴᠠ ᠡᠮᠦᠨ᠎ᠡ ᠶᠡᠭᠡ ᠬᠡᠮᠵᠢᠶᠡᠨ ᠤ ᠺᠤᠹᠧ ᠤᠤᠭᠤᠬᠤ ᠨᠢ ᠵᠤᠬᠢᠰ ᠦᠭᠡᠢ᠃
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号