| ᠤᠷᠤᠰ᠄ ᠨᠤᠮ ᠪᠢᠴᠢᠭ ᠶᠢ ᠲᠠᠯᠬ᠎ᠠ ᠲᠠᠢ ᠡᠭᠡᠭᠡ ᠠᠳᠠᠯᠢᠬᠠᠨ ᠢᠶᠠᠷ ᠦᠵᠡᠳᠡᠭ | ᠤᠷᠤᠰ ᠦᠨᠳᠦᠰᠦᠳᠡᠨ ᠨᠢ ᠡᠷᠳᠡ ᠲᠡᠭᠡᠳᠦ ᠠᠴᠠ ᠪᠠᠨ ᠠᠪᠤᠭᠠᠳ ᠨᠢᠭᠡᠨ ᠰᠣᠨᠢᠭᠤᠴᠢ ᠦᠨᠳᠦᠰᠦᠳᠡᠨ᠂ ᠨᠤᠮ | ᠤᠩᠰᠢᠬᠤ ᠨᠢ ᠡᠨᠡ ᠦᠨᠳᠦᠰᠦᠳᠡᠨ ᠤ ᠤᠷᠳᠦ ᠤᠳᠠᠭᠠᠨ ᠤᠯᠠᠮᠵᠢᠯᠠᠯᠳᠣ ᠦᠨᠳᠦᠰᠦᠳᠡᠨ ᠤ ᠲᠠᠳᠬᠠᠯ᠂ ᠲᠡᠳᠡᠨ ᠤ | ᠠᠮᠢᠳᠣᠷᠠᠯ ᠤᠨ ᠲᠤᠳᠠᠭᠳᠠᠵᠦ ᠪᠤᠯᠤᠰᠢ ᠦᠭᠡᠢ ᠨᠢᠭᠡᠨ ᠭᠡᠰᠡᠭ᠃ ᠤᠷᠤᠰ ᠬᠦᠮᠦᠨ ᠤ ᠦᠵᠡᠬᠦ ᠪᠠᠷ᠂ ᠨᠤᠮ ᠪᠢᠴᠢᠭ ᠨᠢ | ᠲᠠᠯᠬ᠎ᠠ ᠲᠠᠢ ᠡᠭᠡᠭᠡ ᠠᠳᠠᠯᠢᠬᠠᠨ ᠴᠢᠬᠤᠯᠠ᠂ ᠬᠦᠮᠦᠨ ᠬᠤᠭᠤᠯᠠ ᠢᠳᠡᠬᠦ ᠦᠭᠡᠢ ᠪᠠᠶᠢᠵᠦ ᠪᠤᠯᠬᠤ ᠦᠭᠡᠢ ᠲᠠᠢ ᠠᠳᠠᠯᠢᠬᠠᠨ | ᠨᠤᠮ ᠤᠩᠰᠢᠬᠤ ᠦᠭᠡᠢ ᠪᠠᠶᠢᠵᠦ ᠪᠤᠯᠬᠤ ᠦᠭᠡᠢ᠃ ᠲᠡᠳᠡᠨ ᠤ ᠨᠤᠮ ᠤᠩᠰᠢᠬᠤ ᠳᠤ ᠵᠠᠷᠤᠴᠠᠭᠤᠯᠬᠤ ᠴᠠᠭ ᠨᠢ ᠬᠤᠭᠤᠯᠠ | ᠢᠳᠡᠬᠦ ᠴᠠᠭ ᠠᠴᠠ ᠪᠠᠨ ᠬᠡᠳᠦ ᠲᠠᠬᠢᠨ ᠢᠯᠡᠬᠦᠦ ᠪᠠᠶᠢᠳᠠᠭ᠃ | ᠮᠤᠰᠺᠸᠠ ᠶᠢᠨ ᠤᠶᠢᠷᠠᠯᠴᠠᠭᠠᠬᠢ 900 ᠲᠦᠮᠡᠨ ᠰᠠᠭᠤᠭᠠᠯᠢ ᠠᠷᠠᠳ ᠤᠨ ᠲᠤᠮᠳᠠ 5 ᠬᠦᠮᠦᠨ ᠤ ᠲᠤᠮᠳᠠᠬᠢ 1 | ᠬᠦᠮᠦᠨ ᠨᠢ ᠦᠨᠳᠦᠷ ᠵᠡᠷᠭᠡ ᠶᠢᠨ ᠰᠣᠷᠭᠠᠨ ᠬᠦᠮᠦᠵᠢᠯ ᠬᠦᠷᠳᠡᠵᠦ᠂ 3 ᠬᠦᠮᠦᠨ ᠤ ᠲᠤᠮᠳᠠᠬᠢ 1 ᠬᠦᠮᠦᠨ ᠨᠢ ᠲᠤᠮᠳᠠ | ᠵᠡᠷᠭᠡ ᠶᠢᠨ ᠲᠤᠰᠬᠠᠢ ᠮᠡᠷᠭᠡᠵᠢᠯ ᠤᠨ ᠰᠣᠷᠭᠠᠨ ᠬᠦᠮᠦᠵᠢᠯ ᠬᠦᠷᠳᠡᠭᠰᠡᠨ ᠪᠠᠶᠢᠳᠠᠭ᠃ ᠤᠷᠤᠰ ᠬᠦᠮᠦᠨ ᠭᠡᠷ ᠲᠠᠬᠢ ᠬᠤᠷᠢᠶᠠᠨ | ᠬᠠᠳᠠᠭᠠᠯᠠᠭᠰᠠᠨ ᠨᠤᠮ ᠪᠠᠷ ᠨᠢ ᠨᠢᠭᠡ ᠬᠦᠮᠦᠨ ᠤ ᠰᠣᠶᠣᠯ ᠤᠨ ᠬᠡᠪ ᠪᠤᠯᠪᠠᠰᠣᠷᠠᠯ ᠤᠨ ᠲᠡᠭᠡᠳᠦ ᠲᠤᠤᠷᠠᠳᠣ ᠶᠢᠨ ᠴᠢᠬᠤᠯᠠ | ᠪᠡᠯᠭᠡ ᠲᠡᠮᠳᠡᠭ ᠪᠤᠯᠭᠠᠵᠦ ᠦᠵᠡᠳᠡᠭ᠃ ᠤᠷᠤᠰ ᠤᠨ ᠰᠠᠭᠤᠭᠠᠯᠢ ᠠᠷᠠᠳ ᠤᠨ ᠭᠡᠷ ᠪᠦᠯᠢ ᠶᠢᠨ ᠨᠤᠮ ᠬᠠᠳᠠᠭᠠᠯᠠᠴᠠ ᠶᠢᠨ | ᠶᠡᠷᠦᠩᠭᠡᠢ ᠬᠡᠮᠵᠢᠶ᠎ᠡ ᠨᠢ ᠤᠯᠠᠨ ᠨᠡᠶᠢᠳᠡ ᠶᠢᠨ ᠨᠤᠮ ᠶᠢᠨ ᠰᠠᠩ ᠤᠨ ᠬᠠᠳᠠᠭᠠᠯᠠᠴᠠ ᠶᠢᠨ 10 ᠲᠠᠬᠢᠨ ᠢᠯᠡᠬᠦᠦ ᠪᠠᠶᠢᠳᠠᠭ᠃ | ᠤᠷᠤᠰ ᠬᠦᠮᠦᠨ ᠲᠡᠭᠰᠢᠳᠬᠡᠭᠡᠳ ᠡᠳᠦᠷ ᠪᠦᠷᠢ 1 ᠴᠠᠭ ᠨᠤᠮ ᠤᠩᠰᠢᠬᠤ᠂ ᠰᠣᠨᠢᠨ ᠰᠡᠳᠬᠦᠯ ᠬᠢᠬᠡᠳ ᠪᠤᠰᠤᠳ | ᠬᠡᠪᠯᠡᠭᠳᠡᠭᠦᠨ ᠢ ᠤᠩᠰᠢᠳᠠᠭ ᠢᠶᠠᠷ ᠲᠡᠯᠡᠬᠡᠢ ᠳᠤ ᠲᠡᠷᠢᠬᠦᠯᠡᠵᠦ ᠪᠠᠶᠢᠳᠠᠭ᠃ | ᠹᠷᠠᠨᠼᠢ᠄ ᠭᠡᠷ ᠪᠦᠯᠢ ᠶᠢᠨ ︽ᠨᠤᠮ ᠤᠨ ᠰᠠᠩ︾ | ᠹᠷᠠᠨᠼᠢ ᠬᠦᠮᠦᠰ ᠤᠨ ᠨᠤᠮ ᠤᠩᠰᠢᠬᠤ ᠲᠤᠷᠠᠳᠠᠢ ᠲᠠᠳᠬᠠᠯ ᠨᠢ ᠡᠸᠦ᠋ᠷᠤᠫᠡ ᠳᠤ ᠨᠠᠷᠡᠳᠡᠢ᠃ ᠫᠠᠷᠢ ᠶᠢᠨ ᠶᠡᠭᠡ | ᠪᠠᠭ᠎ᠠ ᠭᠤᠳᠤᠮᠵᠢ ᠵᠡᠭᠡᠯᠢ᠂ ᠬᠠᠮᠢᠭ᠎ᠠ ᠴᠦ ᠭᠡᠰᠡᠨ ᠦᠭᠡᠢ ᠨᠤᠮ ᠤᠨ ᠲᠡᠯᠭᠡᠭᠦᠷ ᠬᠠᠷᠠᠭᠳᠠᠬᠤ ᠮᠦᠷᠳᠡᠭᠡᠨ ᠲᠤᠰᠬᠠᠢ | ᠬᠠᠭᠤᠴᠢᠨ ᠨᠤᠮ ᠬᠤᠳᠠᠯᠳᠣᠳᠠᠭ ᠭᠤᠳᠤᠮᠵᠢ ᠪᠠᠶᠢᠳᠠᠭ᠃ ᠹᠷᠠᠨᠼᠢ ᠶᠢᠨ ᠠᠯᠳᠠᠷᠳᠦ ᠠᠷᠠᠳ ᠤᠨ ᠪᠠᠶᠢᠴᠠᠭᠠᠯᠳᠠ ᠶᠢᠨ | ᠪᠠᠶᠢᠭᠤᠯᠤᠮᠵᠢ IFOP ᠶᠢᠨ ᠨᠡᠶᠢᠳᠡᠯᠡᠭᠰᠡᠨ ᠲᠤᠭ᠎ᠠ ᠪᠦᠷᠢᠳᠬᠡᠯ ᠢᠶᠠᠷ᠂ 55% ᠠᠴᠠ ᠲᠡᠭᠡᠭᠰᠢᠬᠢ ᠹᠷᠠᠨᠼᠢ ᠬᠦᠮᠦᠨ ᠨᠢᠭᠡ | ᠵᠢᠯ ᠳᠤ 12 ᠲᠡᠪᠳᠡᠷ ᠠᠴᠠ ᠲᠡᠭᠡᠭᠰᠢ ᠨᠤᠮ ᠤᠩᠰᠢᠵᠦ᠂ ᠲᠡᠭᠦᠨ ᠤ ᠲᠤᠳᠤᠷ᠎ᠠ ᠪᠠᠰᠠ 20 ᠲᠡᠪᠳᠡᠷ ᠠᠴᠠ ᠲᠡᠭᠡᠭᠰᠢ | ᠤᠩᠰᠢᠳᠠᠭ ᠬᠦᠮᠦᠨ ᠴᠦ ᠪᠠᠭ᠎ᠠ ᠪᠤᠰᠤ ᠪᠠᠶᠢᠳᠠᠭ ᠭᠡᠵᠡᠢ᠃ ᠪᠠᠶᠢᠴᠠᠭᠠᠯᠳᠠ ᠲᠤᠳᠤᠷᠬᠠᠶᠢᠯᠠᠭᠰᠠᠨ ᠢᠶᠠᠷ᠂ ᠹᠷᠠᠨᠼᠢ ᠬᠦᠮᠦᠨ ᠤ | ᠬᠦᠮᠦᠨ ᠪᠦᠷᠢ ᠶᠢᠨ ᠤᠩᠰᠢᠭᠰᠠᠨ ᠨᠤᠮ ᠨᠢ ᠬᠦᠮᠦᠨ ᠪᠦᠷᠢ ᠶᠢᠨ ᠬᠤᠳᠠᠯᠳᠣᠨ ᠠᠪᠤᠭᠰᠠᠨ ᠨᠤᠮ ᠠᠴᠠ ᠠᠷᠪᠢᠨ ᠪᠠᠶᠢᠳᠠᠭ᠃ | ᠹᠷᠠᠨᠼᠢ ᠶᠢᠨ ᠡᠯ᠎ᠡ ᠭᠠᠵᠠᠷ ᠶᠢᠨ ᠶᠡᠭᠡ ᠪᠠᠭ᠎ᠠ ᠨᠤᠮ ᠤᠨ ᠰᠠᠩ ᠨᠢ ᠲᠦᠯᠦᠪᠤᠷᠢ ᠦᠭᠡᠢ ᠨᠤᠮ ᠵᠢᠭᠡᠯᠡᠬᠦ ᠦᠢᠯᠡᠴᠢᠯᠡᠭᠡ | ᠬᠠᠩᠭᠠᠳᠠᠭ᠃ | ᠢᠰᠷᠧᠯ᠄ ᠨᠤᠮ ᠤᠩᠰᠢᠬᠤ ᠶᠢ ᠪᠠᠯ ᠢᠳᠡᠭᠰᠡᠨ ᠲᠠᠢ ᠠᠳᠠᠯᠢᠬᠠᠨ ᠠᠮᠳᠠᠳᠠᠢ ᠢᠶᠠᠷ ᠦᠵᠡᠳᠡᠭ | ᠪᠦᠷᠢᠳᠬᠡᠯ ᠢ ᠦᠨᠳᠦᠰᠦᠯᠡᠪᠡᠯ᠂ ᠢᠰᠷᠧᠯ ᠬᠦᠮᠦᠨ ᠤ ᠬᠦᠮᠦᠨ ᠪᠦᠷᠢ ᠶᠢᠨ ᠦᠮᠴᠢᠯᠡᠬᠦ ᠨᠤᠮ ᠤᠨ ᠰᠠᠩ ᠬᠢᠭᠡᠳ | ᠬᠡᠪᠯᠡᠯ ᠤᠨ ᠬᠤᠷᠢᠶᠠᠨ ᠤ ᠲᠤᠭ᠎ᠠ ᠲᠡᠯᠡᠬᠡᠢ ᠳᠤ ᠲᠡᠷᠢᠬᠦᠨ ᠳᠤ ᠵᠢᠭᠰᠠᠭᠠᠭᠳᠠᠨ᠎ᠠ᠃ ᠢᠰᠷᠧᠯ ᠳᠤ᠄ ︽ᠬᠦᠮᠦᠨ ᠭᠠᠭᠴᠠ ᠬᠦ | ᠲᠠᠯᠬ᠎ᠠ ᠶᠢ ᠲᠦᠰᠢᠭᠯᠡᠨ ᠠᠮᠢᠳᠣᠷᠠᠵᠦ ᠪᠤᠯᠬᠤ ᠦᠭᠡᠢ︾ ᠭᠡᠰᠡᠨ ᠬᠠᠭᠤᠴᠢ ᠦᠭᠡ ᠪᠠᠶᠢᠳᠠᠭ᠃ ᠢᠰᠷᠧᠯ ᠬᠦᠮᠦᠰ | ᠡᠬᠦᠨ ᠢᠶᠠᠷ ᠢᠶᠠᠨ ᠦᠪᠡᠷ ᠢ ᠪᠠᠨ ᠵᠤᠷᠢᠭᠵᠢᠭᠤᠯᠵᠤ᠂ ᠮᠡᠳᠡᠯᠭᠡ ᠤᠯᠬᠤ ᠲᠠᠳᠬᠠᠯ ᠢ ᠪᠦᠷᠢᠯᠳᠣᠭᠦᠯᠳᠡᠭ᠃ | ᠤᠶᠢᠯᠠᠭᠠᠭᠰᠠᠨ ᠢᠶᠠᠷ᠂ ᠢᠰᠷᠧᠯ ᠬᠦᠮᠦᠨ ᠪᠤᠯᠭᠠᠨ ᠲᠤᠮᠳᠠᠴᠢ ᠪᠠᠷ ᠵᠢᠯ ᠪᠤᠯᠭᠠᠨ ᠳᠤ 10-15 ᠲᠡᠪᠳᠡᠷ ᠨᠤᠮ ᠬᠤᠳᠠᠯᠳᠣᠨ | ᠠᠪᠳᠠᠭ ᠮᠦᠷᠳᠡᠭᠡᠨ ᠲᠡᠳᠡᠨ ᠤ ᠤᠩᠰᠢᠬᠤ ᠬᠡᠮᠵᠢᠶ᠎ᠡ ᠨᠢ ᠡᠳᠡᠭᠡᠷ ᠲᠤᠭ᠎ᠠ ᠪᠠᠷᠢᠮᠳᠠ ᠶᠢ ᠲᠠᠪᠠᠵᠦ ᠪᠠᠶᠢᠳᠠᠭ᠃ | ᠡᠶᠢᠮᠦᠷᠬᠦᠦ ᠨᠤᠮ ᠤᠩᠰᠢᠬᠤ ᠲᠤᠷᠠᠳᠠᠢ ᠲᠠᠳᠬᠠᠯ ᠨᠢ ᠠᠯᠭᠤᠷ ᠠᠭᠠᠵᠢᠮ ᠲᠡᠭᠡᠷ᠎ᠡ ᠨᠢᠭᠡ ᠦᠶ᠎ᠡ ᠠᠴᠠ ᠪᠠᠨ | ᠲᠠᠷᠠᠭ᠎ᠠ ᠨᠢᠭᠡ ᠦᠶ᠎ᠡ ᠳᠤ ᠪᠠᠨ ᠤᠯᠠᠮᠵᠢᠯᠠᠭᠳᠠᠵᠦ ᠪᠠᠶᠢᠳᠠᠭ᠃ ᠵᠠᠷᠢᠮ ᠢᠰᠷᠧᠯ ᠬᠦᠮᠦᠨ ᠬᠡᠤᠬᠡᠳ ᠳᠤ ᠪᠠᠨ ᠨᠤᠮ ᠰᠤᠷᠭᠠᠬᠤ | ᠦᠶᠡᠰ᠂ ᠬᠠᠵᠠᠭᠤ ᠳᠤ ᠨᠢ ᠨᠢᠭᠡ ᠯᠤᠩᠬᠤ ᠵᠦᠭᠡᠢ ᠶᠢᠨ ᠪᠠᠯ ᠲᠠᠯᠪᠢᠵᠦ᠂ ᠨᠢᠭᠡ ᠨᠢᠭᠤᠷ ᠤᠩᠰᠢᠬᠤ ᠪᠤᠯᠭᠠᠨ᠂ | ᠬᠡᠤᠬᠡᠳ ᠳᠤ ᠪᠠᠨ ᠨᠢᠭᠡ ᠡᠮᠬᠦ ᠪᠠᠯ ᠲᠤᠯᠢᠶᠠᠯᠭᠠᠵᠦ᠂ ᠨᠤᠮ ᠤᠩᠰᠢᠬᠤ ᠨᠢ ᠪᠠᠯ ᠲᠤᠯᠢᠶᠠᠭᠰᠠᠨ ᠲᠠᠢ ᠠᠳᠠᠯᠢᠬᠠᠨ ᠠᠮᠳᠠᠳᠠᠢ | ᠮᠦᠷᠳᠡᠭᠡᠨ ᠪᠠᠶᠠᠷ ᠬᠦᠷ ᠲᠠᠢ ᠠᠵᠢᠯ ᠭᠡᠳᠡᠭ ᠢ ᠤᠶᠢᠯᠠᠭᠠᠭᠤᠯᠳᠠᠭ᠃ | ᠭᠧᠷᠮᠠᠨ᠄ ᠨᠤᠮ ᠤᠩᠰᠢᠬᠤ ᠶᠢ ᠡᠩ ᠤᠨ ᠴᠠᠭ ᠲᠤ ᠫᠢᠸᠤ᠋ ᠤᠤᠭᠤᠭᠰᠠᠨ ᠲᠠᠢ ᠠᠳᠠᠯᠢᠬᠠᠨ ᠢᠶᠠᠷ ᠦᠵᠡᠳᠡᠭ | ᠭᠧᠷᠮᠠᠨ ᠤ ᠠᠯᠳᠠᠷᠳᠦ ᠵᠤᠬᠢᠶᠠᠯᠴᠢ ᠭᠡᠳᠧ ︽ᠰᠠᠶᠢᠨ ᠨᠤᠮ ᠤᠩᠰᠢᠬᠤ ᠨᠢ ᠡᠷᠬᠢᠮ ᠲᠡᠭᠡᠳᠦ ᠬᠦᠮᠦᠨ ᠲᠠᠢ ᠶᠠᠷᠢᠯᠴᠠᠭᠰᠠᠨ ᠲᠠᠢ | ᠠᠳᠠᠯᠢᠬᠠᠨ︾ ᠭᠡᠵᠦ ᠬᠡᠯᠡᠵᠦ ᠦᠩᠭᠡᠷᠡᠵᠡᠢ᠃ ᠭᠧᠷᠮᠠᠨ ᠬᠦᠮᠦᠰ ᠶᠠᠷᠢᠯᠴᠠᠭ᠎ᠠ ᠳᠤ ᠮᠠᠰᠢ ᠶᠡᠭᠡ ᠬᠠᠯᠠᠭᠤᠮᠰᠤᠭ᠂ ᠲᠧᠯᠸᠢᠰ᠂ | ᠢᠨᠲ᠋ᠧᠷᠨᠧᠲ ᠵᠡᠷᠭᠡ ᠵᠠᠭᠤᠴᠢᠯᠠᠭᠤᠷ ᠦᠳᠲᠡᠷ ᠲᠦᠷᠭᠡᠨ ᠬᠦᠭᠵᠢᠭᠰᠡᠨ ᠦᠨᠦᠳᠦᠷ ᠴᠦ ᠭᠡᠰᠡᠨ ᠲᠡᠳᠡ ᠨᠤᠮ ᠤᠩᠰᠢᠬᠤ | ᠤᠯᠠᠮᠵᠢᠯᠠᠯᠳᠣ ᠲᠠᠳᠬᠠᠯ ᠢᠶᠠᠨ ᠪᠠᠷᠢᠮᠳᠠᠯᠠᠭᠰᠠᠭᠠᠷ ᠪᠠᠶᠢᠨ᠎ᠠ᠃ | ᠭᠠᠵᠠᠷ ᠲᠤᠤᠷᠠᠬᠢ ᠭᠠᠯᠳᠣ ᠲᠡᠷᠭᠡ᠂ ᠴᠡᠴᠡᠷᠯᠢᠭ᠂ ᠴᠢᠨᠠᠭᠰᠢᠯᠠᠪᠠᠯ ᠡᠮᠨᠡᠯᠭᠡ ᠶᠢᠨ ᠬᠤᠷᠢᠶᠠᠨ ᠤ ᠡᠮᠴᠢᠯᠡᠬᠦ | ᠦᠷᠦᠭᠡᠨ ᠳᠤ ᠴᠦ ᠭᠡᠰᠡᠨ ᠦᠭᠡᠢ ᠭᠠᠷ ᠲᠤ ᠪᠠᠨ ᠨᠤᠮ ᠪᠠᠷᠢᠵᠦ᠂ ᠲᠤᠯᠤᠭᠠᠢ ᠪᠦᠬᠦ᠋ᠢᠵᠦ ᠪᠠᠶᠢᠭ᠎ᠠ ᠬᠦᠮᠦᠨ ᠵᠦᠩᠳᠡᠭᠡᠨ | ᠬᠠᠷᠠᠭᠳᠠᠳᠠᠭ᠃ ᠪᠠᠶᠢᠴᠠᠭᠠᠯᠳᠠ ᠢᠯᠡᠷᠡᠭᠦᠯᠦᠭᠰᠡᠨ ᠢᠶᠠᠷ 70% ᠶᠢᠨ ᠭᠧᠷᠮᠠᠨ ᠬᠦᠮᠦᠨ ᠨᠤᠮ ᠤᠩᠰᠢᠬᠤ ᠲᠤᠷᠠᠳᠠᠢ᠂ | ᠬᠠᠭᠠᠰ ᠠᠴᠠ ᠲᠡᠭᠡᠭᠰᠢᠬᠢ ᠬᠦᠮᠦᠨ ᠲᠤᠭᠳᠠᠭᠰᠠᠨ ᠬᠤᠭᠤᠴᠠᠭ᠎ᠠ ᠲᠠᠢ ᠨᠤᠮ ᠬᠤᠳᠠᠯᠳᠤᠨ ᠠᠪᠴᠦ᠂ ᠭᠤᠷᠪᠠᠨ ᠤ ᠨᠢᠭᠡ | ᠬᠤᠪᠢ ᠶᠢᠨ ᠬᠦᠮᠦᠨ ᠪᠠᠷᠤᠭ ᠡᠳᠦᠷ ᠪᠤᠯᠭᠠᠨ ᠨᠤᠮ ᠤᠩᠰᠢᠳᠠᠭ᠃ ᠨᠤᠮ ᠤᠩᠰᠢᠬᠤ ᠨᠢ ᠨᠢᠭᠡᠨᠳᠡ ᠭᠧᠷᠮᠠᠨ ᠬᠦᠮᠦᠨ ᠤ | ᠡᠳᠦᠷ ᠲᠤᠳᠤᠮ ᠤᠨ ᠠᠮᠢᠳᠣᠷᠠᠯ ᠳᠤ ᠨᠡᠪᠴᠢᠨ ᠤᠷᠤᠵᠦ᠂ ᠶᠠᠭ ᠯᠡ ᠫᠢᠸᠤ᠋ ᠤᠤᠭᠤᠬᠤ ᠲᠠᠢ ᠠᠳᠠᠯᠢᠬᠠᠨ ᠶᠡᠷᠤᠳᠡ ᠶᠢᠨ | ᠤᠴᠢᠷ ᠪᠤᠯᠵᠠᠢ᠃ ᠭᠧᠷᠮᠠᠨ ᠬᠦᠮᠦᠨ ᠤ ᠬᠡᠪ ᠴᠢᠨᠠᠷ ᠦᠨᠳᠦᠷ ᠪᠠᠶᠢᠳᠠᠭ ᠰᠢᠯᠳᠠᠭᠠᠨ ᠨᠢ ᠲᠡᠳᠡᠨ ᠤ ᠨᠤᠮ ᠳᠤ ᠪᠠᠭ᠋ᠠᠳᠠᠢ | ᠤᠯᠠᠮᠵᠢᠯᠠᠯᠳᠣ ᠲᠠᠳᠬᠠᠯ ᠲᠠᠢ ᠨᠢᠭᠳᠠ ᠬᠤᠯᠪᠤᠭ᠎ᠠ ᠲᠠᠢ ᠪᠠᠶᠢᠳᠠᠭ᠃ | ᠦᠨᠡᠨ ᠢ ᠬᠡᠯᠡᠪᠡᠯ᠂ ᠢᠨᠲ᠋ᠧᠷᠨᠧᠲ ᠢᠶᠠᠷ ᠠᠯᠳᠠᠷᠳᠦ ᠪᠦᠳᠦᠭᠡᠯ ᠢ ᠤᠩᠰᠢᠬᠤ ᠬᠦᠮᠦᠨ ᠮᠠᠰᠢ ᠴᠦᠭᠡᠭᠡᠨ᠂ | ᠰᠦᠯᠵᠢᠶᠡᠨ ᠤᠷᠠᠨ ᠵᠤᠬᠢᠶᠠᠯ ᠤᠨ ᠤᠯᠠᠩᠬᠢ ᠨᠢ ᠰᠢᠮ᠎ᠡ ᠲᠡᠵᠢᠭᠡᠯ ᠦᠭᠡᠢ ᠪᠠᠶᠢᠳᠠᠭ᠂ ᠵᠦᠪᠬᠡᠨ ᠨᠤᠮ ᠤᠩᠰᠢᠪᠠᠯ ᠰᠠᠶ᠋ᠢ | ᠪᠢᠳᠡᠨ ᠤ ᠠᠮᠢᠳᠣᠷᠠᠯ ᠪᠦᠷᠢᠨ ᠲᠡᠭᠦᠯᠳᠡᠷ᠂ ᠠᠮᠢᠵᠢᠷᠠᠯ ᠤᠨ ᠬᠦᠴᠦᠨ ᠲᠠᠢ᠂ ᠬᠡᠪ ᠪᠤᠯᠪᠠᠰᠣᠷᠠᠯ ᠲᠠᠢ ᠪᠤᠯᠵᠦ᠂ | ᠠᠮᠢᠳᠣᠷᠠᠬᠤᠢ ᠶᠢᠨ ᠤᠳᠬ᠎ᠠ ᠠᠭᠤᠯᠭ᠎ᠠ ᠶᠢ ᠤᠶᠢᠯᠠᠭᠠᠵᠦ ᠮᠡᠳᠡᠷᠡᠬᠦ ᠳᠤ ᠠᠰᠢᠭᠳᠠᠢ ᠪᠠᠶᠢᠳᠠᠭ᠃ | |