| ᠵᠢᠯ ᠳᠤ ᠨᠢᠬᠡ ᠤᠳᠠᠭ᠎ᠠ ᠶᠠᠪᠤᠬᠳᠠᠳᠠᠭ ᠶᠡᠭᠡ ᠲᠡᠬᠡᠳᠤ ᠰᠤᠷᠡᠭᠠᠭᠤᠯᠢ ᠳᠤ ᠰᠢᠯᠭᠠᠭᠤᠯᠬᠤ ᠤᠯᠤᠰ ᠤᠨ ᠨᠢᠬᠡᠳᠤᠯᠳᠡᠢ | ᠰᠢᠯᠭᠠᠯᠳᠡ ᠬᠦᠶ᠋ᠢ ᠪᠠᠶᠢᠵᠡ ᠶᠢ ᠬᠦᠯᠢᠶᠡᠯ ᠦᠬᠡᠢ ᠬᠠᠭᠠᠯᠭ᠎ᠠ ᠶᠢ ᠲᠤᠬᠰᠢᠬᠤ ᠪᠤᠯᠵᠤ ᠪᠠᠶᠢᠨ᠎ᠡ᠃ ᠴᠠᠭ ᠮᠦᠴᠡ ᠲᠠᠢ | ᠤᠷᠤᠯᠳᠤᠨ ᠪᠡᠯᠡᠳᠬᠡᠯ ᠬᠢᠵᠤ ᠪᠠᠶᠢᠭ᠎ᠠ ᠰᠤᠷᠤᠭᠴᠢ ᠲᠡᠬᠦᠤ ᠨᠡᠷ ᠲᠡᠭᠡᠨ᠂ ᠰᠤᠷᠤᠭᠴᠢᠳ ᠲᠠᠢ ᠪᠠᠨ ᠬᠠᠮᠳᠤ ᠰᠢᠯᠭᠠᠯᠲᠠ ᠳᠤ | ᠰᠡᠳᠬᠢᠯ ᠠᠯᠭᠠᠰᠤᠭᠰᠠᠨ ᠪᠠᠭᠰᠢ᠂ ᠬᠡᠷ ᠤᠨ ᠠᠬᠠᠮᠠᠳ ᠨᠠᠷ ᠲᠤ ᠲᠤᠰᠠᠯᠠᠬᠤ ᠡᠬᠦᠳᠡᠨ ᠠᠴᠠ ᠤᠯᠤᠰ ᠤᠨ ᠬᠤᠶᠠᠳᠤᠭᠠᠷ | ᠲᠡᠰ ᠤᠨ ᠰᠡᠳᠬᠢᠴᠡ ᠶᠢᠨ ᠵᠢᠯᠤᠭᠤᠳᠤᠬᠴᠢ᠂ ᠦᠪᠦᠷ ᠮᠤᠩᠭᠤᠯ ᠤᠨ ᠠᠩᠬᠠᠳᠠᠬᠴᠢ ᠰᠡᠳᠬᠢᠴᠡ ᠶᠢᠨ ᠤᠷᠮᠠᠰᠢᠭᠤᠯᠤᠬᠴᠢ | ᠤᠳᠬᠠᠨᠬᠡᠷᠡᠯ ᠲᠠᠢ ᠶᠠᠷᠢᠯᠴᠠᠬᠰᠠᠨ ᠪᠢᠯᠡ᠃ | ᠰᠤᠷᠪᠤᠯᠵᠢᠯᠠᠬᠴᠢ᠄ ᠨᠢᠭᠡᠳᠦᠯᠲᠡᠢ ᠰᠢᠯᠭᠠᠯᠳᠡ ᠪᠤᠯ ᠬᠦᠮᠦᠨ ᠤ ᠠᠮᠢᠳᠤᠷᠠᠯ ᠤᠨ ᠲᠤᠮᠳᠠᠬᠢ ᠨᠢᠬᠡᠨ ᠴᠢᠬᠤᠯᠠ | ᠰᠤᠩᠭᠤᠯᠳᠡ᠂ ᠲᠡᠬᠡᠬᠦ ᠪᠠᠷ ᠢᠶᠠᠨ ᠬᠡᠷ ᠤᠨ ᠠᠬᠠᠮᠠᠳ ᠨᠠᠷ ᠨᠢᠭᠡᠳᠦᠯᠲᠡᠢ ᠰᠢᠯᠭᠠᠯᠳᠡ ᠶᠢ ᠤᠨᠴᠠᠭᠠᠢ ᠴᠢᠬᠤᠯᠠᠴᠢᠯᠠᠨ ᠦᠵᠡᠵᠤ | ᠂ ᠬᠡᠤᠬᠡᠳ ᠠᠴᠠ ᠪᠠᠨ ᠴᠤ ᠢᠯᠡᠬᠦᠦ ᠪᠠᠴᠢᠮᠳᠠᠵᠤ ᠰᠠᠨᠳᠤᠷᠳᠠᠭ ᠦᠵᠡᠭᠳᠡᠯ ᠭᠠᠷᠲᠠᠭ ᠪᠠᠶᠢᠨ᠎ᠡ᠃ ᠶᠡᠷᠤᠨᠢ ᠬᠡᠷ ᠤᠨ ᠠᠬᠠᠮᠠᠳ | ᠶᠡᠮᠡᠷ ᠤᠪᠤᠷ ᠢᠶᠠᠷ ᠬᠠᠨᠳᠤᠪᠠᠯ ᠲᠠᠭᠠᠷᠠᠨ᠎ᠡ︖ | ᠤᠳᠬᠠᠨᠬᠡᠷᠡᠯ᠄ ᠬᠦᠮᠦᠨ ᠪᠤᠯ ᠮᠡᠳᠡᠷᠡᠮᠵᠢ ᠪᠠᠷ ᠢᠶᠠᠨ ᠬᠤᠭᠤᠷᠤᠨᠳᠤ ᠪᠠᠨ ᠵᠠᠯᠭᠠᠯᠳᠤᠳᠠᠭ᠂ ᠡᠵᠢ ᠠᠪᠤ ᠪᠤᠯᠤᠨ | ᠦᠷ᠎ᠡ ᠬᠡᠤᠬᠡᠳ ᠬᠤᠭᠤᠷᠤᠨᠳᠤ ᠪᠠᠨ ᠮᠡᠳᠡᠷᠡᠮᠵᠢ ᠶᠢᠨ ᠵᠠᠯᠭᠠᠰᠤ ᠲᠠᠢ ᠪᠠᠶᠢᠳᠠᠭ ᠤᠴᠢᠷ ᠠᠴᠠ ᠡᠵᠢ ᠠᠪᠤ ᠪᠤᠯᠤᠬᠰᠠᠳ | ᠰᠡᠳᠬᠢᠯ ᠤᠨ ᠤᠷᠴᠢᠯᠠᠩ᠂ ᠰᠡᠳᠬᠢᠯ ᠤᠨ ᠤᠷᠤᠨ ᠵᠠᠢ ᠪᠠᠨ ᠮᠠᠰᠢ ᠲᠠᠶᠢᠪᠤᠩ ᠠᠮᠤᠭᠤᠯᠠᠩ ᠪᠠᠶᠢᠯᠭᠠᠬᠤ ᠨᠢ ᠲᠠᠭᠠᠷᠠᠨ᠎ᠡ᠃ | ᠬᠡᠤᠬᠡᠳ ᠲᠠᠢ ᠪᠠᠨ ᠨᠡᠶᠢᠯᠡᠬᠡᠳ ᠰᠠᠨᠳᠤᠷᠴᠤ ᠪᠠᠴᠢᠮᠳᠠᠵᠤ ᠪᠤᠯᠬᠤ ᠦᠬᠡᠢ᠂ ᠬᠡᠤᠬᠡᠳ ᠰᠠᠨᠳᠤᠷᠴᠤ ᠪᠠᠶᠢᠬᠤ ᠶᠢ ᠬᠡᠳᠦ᠋ᠢᠪᠡᠷ | ᠭᠠᠳᠠᠷ ᠪᠠᠶᠢᠳᠠᠯ ᠠᠴᠠ ᠦᠵᠡᠵᠤ ᠭᠠᠷᠬᠤ ᠦᠬᠡᠢ ᠪᠤᠯᠪᠠᠴᠤ ᠮᠡᠳᠡᠷᠡᠮᠵᠢ ᠪᠠᠷ ᠢᠶᠠᠨ ᠬᠦᠯᠢᠶᠡᠨ ᠠᠪᠳᠠᠭ᠃ ᠡᠵᠢ ᠠᠪᠤ ᠨᠢ | ᠬᠠᠩᠭᠠᠯᠳᠡ ᠲᠠᠢ ᠪᠠᠷ ᠵᠦᠪ ᠡᠨᠧᠷᠬᠢ᠂ ᠠᠮᠤᠭᠤᠯᠠᠩ ᠲᠠᠶᠢᠪᠤᠩ ᠪᠠᠶᠢᠳᠠᠯ ᠢ ᠪᠤᠢ ᠪᠤᠯᠭᠠᠵᠤ᠂ ᠰᠡᠳᠬᠢᠯ ᠰᠠᠨᠠᠭᠠᠨ ᠠᠴᠠ ᠨᠢ | ᠬᠡᠦᠬᠡᠳ ᠢᠶᠠᠨ ᠲᠠᠶᠢᠪᠤᠰᠢᠷᠠᠭᠤᠯᠵᠤ ᠪᠠᠶᠢᠪᠠᠯ ᠬᠡᠤᠬᠡᠳ ᠰᠠᠨᠠᠭ᠎ᠠ ᠠᠮᠤᠷ ᠰᠢᠯᠭᠠᠯᠲᠠ ᠳᠤ ᠤᠷᠤᠯᠴᠠᠵᠤ ᠴᠢᠳᠠᠨ᠎ᠡ᠃ | ᠰᠤᠷᠪᠤᠯᠵᠢᠯᠠᠬᠴᠢ᠄ ᠤᠯᠤᠰ ᠤᠨ ᠨᠢᠬᠡᠳᠤᠯᠳᠡᠢ ᠰᠢᠯᠭᠠᠯᠳᠡ ᠶᠢ ᠦᠩᠬᠡᠷᠡᠬᠦᠯᠦᠭᠰᠡᠨ ᠬᠦᠮᠦᠨ ᠪᠤᠯᠭᠠᠨ ᠰᠠᠶᠢᠨ | ᠮᠡᠳᠡᠨ᠎ᠡ᠂ ᠬᠡᠨ ᠴᠤ ᠬᠡᠰᠡᠨ ᠲᠡᠷᠡ ᠲᠠᠢ ᠲᠡᠷᠡ ᠦᠬᠡᠢ ᠪᠠᠴᠢᠮᠳᠠᠵᠤ ᠰᠠᠨᠳᠤᠷᠬᠤ ᠪᠠᠶᠢᠳᠠᠯ ᠢᠯᠡᠷᠡᠭᠦᠯᠳᠡᠭ᠂ ᠤᠨᠴᠠᠭᠠᠢᠢᠯᠠᠨ | ᠪᠡᠯᠡᠳᠬᠡᠯ ᠲᠤᠳᠠᠮᠠᠭ ᠬᠦᠮᠦᠰ ᠤᠨᠳᠠᠵᠤ ᠬᠡᠪᠳᠡᠬᠡᠳ ᠤᠷᠤᠬᠤ ᠦᠬᠡᠢ ᠪᠤᠯᠳᠠᠭ᠃ ᠡᠨᠡ ᠪᠠᠶᠢᠳᠠᠯ ᠳᠤ ᠶᠠᠭᠠᠬᠢᠪᠠᠯ ᠲᠠᠭᠠᠷᠠᠨ᠎ᠡ︖ | | ᠤᠳᠬᠠᠨᠬᠡᠷᠡᠯ᠄ ᠰᠡᠳᠬᠢᠯ ᠰᠠᠨᠠᠭ᠎ᠠ ᠵᠠᠪᠠᠯ ᠨᠡᠬᠡᠬᠡᠯᠳᠡ ᠲᠠᠢ ᠪᠠᠶᠢᠬᠤ ᠬᠡᠷᠡᠭᠳᠡᠢ᠃ ᠤᠶᠤᠨ ᠮᠡᠳᠡᠷᠡᠮᠵᠢ ᠪᠠᠨ | ᠲᠠᠯᠠᠷᠬᠠᠯ᠂ ᠵᠦᠪ ᠰᠡᠳᠬᠢᠯᠬᠡ ᠲᠠᠢ ᠪᠠᠶᠢᠯᠭᠠᠪᠠᠯ ᠲᠠᠭᠠᠷᠠᠨ᠎ᠡ᠃ ᠶᠡᠷᠤᠨᠢ ᠰᠢᠯᠭᠠᠯᠳᠡ ᠶᠢᠨ ᠴᠠᠭ ᠲᠤ ᠪᠠᠴᠢᠮᠳᠠᠨ ᠰᠠᠨᠳᠤᠷᠴᠤ᠂ | ᠤᠤᠯ ᠤᠨ ᠮᠡᠳᠡᠵᠤ ᠪᠠᠶᠢᠬᠰᠠᠨ ᠢᠶᠠᠨ ᠮᠠᠷᠳᠠᠬᠤ ᠨᠢ ᠭᠱᠡᠨ ᠵᠠᠭᠤᠷ᠎ᠡ ᠦᠪᠡᠷ ᠢ ᠪᠠᠨ ᠬᠠᠭᠠᠬᠰᠠᠨ ᠤ ᠰᠢᠯᠳᠠᠭᠠᠨ᠃ ᠲᠡᠬᠡᠪᠡᠯ | ᠶᠠᠭᠠᠬᠢᠪᠠᠯ ᠲᠠᠭᠠᠷᠠᠨ᠎ᠡ︖ ᠮᠠᠨ ᠤ ᠮᠤᠩᠭᠤᠯ ᠬᠦᠮᠦᠨ ᠴᠢᠨᠢ ᠰᠦᠵᠢᠭ ᠲᠠᠢ ᠪᠠᠢ ᠬᠡᠵᠤ ᠶᠠᠷᠢᠳᠠᠭ᠃ ᠰᠦᠵᠢᠭ ᠬᠡᠳᠡᠭ ᠨᠢ | ᠶᠠᠭᠤ ᠬᠡᠰᠡᠨ ᠦᠬᠡ ᠪᠤᠢ᠂ ᠶᠠᠭᠤᠮ᠎ᠡ ᠪᠤᠯᠭᠠᠨ ᠳᠤ ᠵᠠᠯᠪᠠᠷᠢᠭᠠᠳ ᠲᠠᠭᠠᠳᠬᠠᠭᠠᠳ ᠶᠠᠪᠤᠬᠤ ᠶᠠᠪᠤᠳᠠᠯ ᠪᠢᠰᠢ᠂ ᠠᠯᠢᠪᠡ | ᠪᠦᠬᠦᠨ ᠳᠤ ᠲᠠᠯᠠᠷᠬᠠᠬᠤ ᠰᠡᠳᠬᠢᠯ ᠢᠶᠠᠷ ᠬᠠᠨᠳᠤᠵᠤ᠂ ᠰᠠᠶᠢᠨ ᠰᠠᠶᠢᠬᠠᠨ ᠰᠡᠳᠬᠢᠯᠬᠡ ᠶᠢᠨ ᠤᠷᠴᠢᠨ ᠢ ᠪᠦᠷᠢᠯᠳᠦᠬᠦᠯᠵᠤ᠂ | ᠲᠠᠶᠢᠪᠤᠩ ᠠᠮᠤᠭᠤᠯᠠᠩ ᠪᠠᠶᠢᠬᠤ ᠶᠢᠨ ᠤᠴᠢᠷ᠃ ᠲᠠᠷᠤᠢ ᠪᠤᠰᠤᠳ ᠲᠤ ᠬᠠᠨᠳᠤᠬᠤ᠂ ᠭᠠᠳᠠᠬᠰᠢ ᠬᠠᠨᠳᠤᠬᠰᠠᠨ | ᠬᠠᠨᠳᠤᠯᠭ᠎ᠠ ᠲᠠᠢ ᠪᠠᠷ ᠪᠠᠭᠰᠢ ᠳᠠᠭᠠᠨ ᠲᠠᠯᠠᠷᠬᠠᠬᠤ᠂ ᠠᠪᠤ ᠡᠵᠢ ᠳᠡᠭᠡᠨ ᠲᠠᠯᠠᠷᠬᠠᠬᠤ᠂ ᠶᠠᠭᠤᠮ᠎ᠡ ᠪᠤᠯᠭᠠᠨ ᠳᠤ ᠵᠦᠪ ᠢᠶᠠᠷ | ᠬᠠᠨᠳᠤᠬᠤ ᠬᠡᠷᠡᠭᠳᠡᠢ᠂ ᠶᠠᠭᠤᠮ᠎ᠡ ᠪᠤᠯᠭᠠᠨ ᠳᠤ ᠵᠦᠪ ᠢᠶᠠᠷ ᠬᠠᠨᠳᠤᠪᠠᠯ ᠢᠳᠡᠪᠬᠢ ᠡᠨᠧᠷᠬᠢ ᠬᠤᠷᠢᠶᠠᠳᠠᠭ᠃ ᠶᠠᠷᠢᠶᠠᠨ ᠦᠬᠡᠢ᠂ | ᠰᠤᠷᠤᠬᠰᠠᠨ ᠮᠡᠳᠡᠯᠬᠡ᠂ ᠴᠢᠷᠮᠠᠶᠢᠯᠭ᠎ᠠ ᠪᠤᠯ ᠶᠡᠬᠡᠩᠬᠢ ᠬᠤᠪᠢ ᠶᠢ ᠡᠵᠡᠯᠡᠨ᠎ᠡ᠂ ᠬᠡᠬᠦ ᠳᠡᠭᠡᠨ ᠰᠡᠳᠬᠢᠴᠡ ᠶᠢᠨ ᠲᠡᠮ ᠬᠡᠳᠡᠭ ᠪᠤᠯ | ᠪᠦᠬᠦ ᠶᠠᠭᠤᠮ᠎ᠡ ᠲᠠᠢ ᠴᠤᠭ ᠶᠠᠪᠤᠬᠳᠠᠳᠠᠭ᠃ ᠪᠢᠳᠡᠨ ᠳᠤ ᠰᠡᠳᠬᠢᠴᠡ ᠶᠢᠨ ᠲᠡᠮ ᠤᠨ ᠡᠶ᠎ᠡ ᠵᠤᠬᠢᠴᠠᠯ ᠢ ᠲᠠᠭᠠᠷᠠᠭᠤᠯᠬᠤ ᠨᠢ | ᠶᠡᠭᠡ ᠴᠢᠬᠤᠯᠡ᠂ ᠬᠡᠴᠢᠨᠡᠨ ᠤᠳᠠᠭᠠᠨ ᠪᠡᠯᠡᠳᠬᠡᠯ ᠬᠢᠬᠡᠳ ᠤᠷᠤᠬᠰᠠᠨ ᠪᠠᠶᠢᠳᠠᠯ᠎ᠡ ᠭᠱᠡᠨ ᠵᠠᠭᠤᠷ᠎ᠡ ᠪᠤᠳᠤᠯ ᠬᠠᠭᠠᠬᠳᠠᠬᠤ | ᠦᠵᠡᠭᠳᠡᠯ ᠭᠠᠷᠬᠤ ᠨᠢ ᠬᠤᠪᠢ ᠶᠢᠨ ᠵᠢᠩ ᠢ ᠶᠡᠭᠡ ᠨᠦᠯᠦᠬᠡᠯᠡᠨ᠎ᠡ᠃ ᠲᠡᠬᠡᠬᠦ ᠪᠠᠷ ᠦᠪᠡᠷ ᠢ ᠪᠠᠨ ᠨᠡᠬᠡᠬᠡᠯᠳᠡ ᠲᠠᠢ | ᠪᠠᠶᠢᠯᠭᠠᠬᠤ ᠨᠢ ᠴᠢᠬᠤᠯᠡ᠂ ᠪᠦᠬᠦ ᠶᠠᠭᠤᠮ᠎ᠡ ᠶᠢ ᠵᠦᠪ ᠲᠠᠨᠢᠯᠳᠡ ᠲᠠᠢ ᠪᠠᠷ ᠦᠵᠡᠵᠤ᠂ ᠰᠢᠯᠭᠠᠯᠳᠡ ᠬᠡᠳᠡᠭ ᠪᠤᠯ ᠶᠡᠭᠡ | ᠠᠶᠤᠮᠰᠢᠬᠳᠠᠢ ᠶᠠᠭᠤᠮ᠎ᠡ ᠪᠢᠰᠢ ᠬᠡᠳᠡᠭ ᠢ ᠮᠡᠳᠡᠷᠡᠨ᠎ᠡ᠃ ᠰᠢᠯᠭᠠᠯᠲᠠ ᠳᠤ ᠵᠦᠪ ᠲᠠᠨᠢᠯᠳᠡ ᠲᠠᠢ ᠬᠠᠨᠳᠤᠨ ᠰᠢᠯᠭᠠᠪᠠᠯ | ᠦᠪᠡᠷ ᠤᠨ ᠰᠠᠨᠠᠵᠤ ᠪᠤᠳᠤᠬᠰᠠᠨ ᠬᠢᠷᠢ ᠪᠦᠳᠦᠮᠵᠢ ᠪᠠᠨ ᠤᠯᠬᠤ ᠨᠢ ᠲᠠᠮᠵᠢᠭ ᠦᠬᠡᠢ᠃ | ᠰᠤᠷᠪᠤᠯᠵᠢᠯᠠᠬᠴᠢ᠄ ᠬᠡᠴᠢᠨᠡᠨ ᠡᠳᠤᠷ ᠬᠤᠨᠤᠭ ᠤᠨ ᠴᠢᠷᠮᠠᠶᠢᠯᠭ᠎ᠠ᠂ ᠬᠦᠯᠦᠰᠤ ᠬᠦᠳᠡᠯᠮᠤᠷᠢ ᠶᠢ ᠨᠢ ᠰᠢᠯᠭᠠᠬᠤ | ᠪᠤᠯᠵᠤ ᠪᠠᠶᠢᠭ᠎ᠠ ᠶᠤᠮ ᠴᠢᠨᠢ ᠪᠠᠭᠰᠢ ᠨᠡᠷ ᠴᠤ ᠬᠡᠰᠡᠨ ᠰᠡᠳᠬᠢᠯ ᠤᠨ ᠲᠠᠷᠤᠯᠳᠡ ᠲᠠᠢ ᠪᠤᠯᠳᠠᠭ᠃ ᠰᠤᠷᠤᠭᠴᠢᠳ ᠤᠨ ᠬᠢᠷᠢ | ᠪᠦᠳᠦᠮᠵᠢ ᠶᠠᠭᠠᠬᠢᠬᠤ ᠶᠢᠨ ᠠᠷᠭ᠎ᠠ ᠦᠬᠡᠢ ᠪᠠᠷ ᠪᠠᠭᠰᠢ ᠨᠡᠷ ᠤᠨ ᠠᠵᠢᠯ ᠤᠨ ᠠᠮᠵᠢᠯᠳᠡ ᠶᠢ ᠨᠦᠯᠦᠬᠡᠯᠡᠨ᠎ᠡ᠃ ᠲᠡᠬᠡᠬᠦ ᠪᠠᠷ | ᠪᠠᠭᠰᠢ ᠨᠡᠷ ᠲᠤ ᠶᠡᠮᠡᠷ ᠵᠦᠪᠯᠡᠯᠬᠡ ᠦᠭᠬᠦ ᠪᠤᠢ︖ | ᠤᠳᠬᠠᠨᠬᠡᠷᠡᠯ᠄ ᠶᠡᠮᠡᠷ ᠪᠠᠭᠰᠢ ᠴᠤ ᠬᠡᠰᠡᠨ ᠰᠤᠷᠤᠭᠴᠢᠳ ᠢᠶᠠᠨ ᠰᠠᠶᠢᠨ ᠰᠢᠯᠭᠠᠭᠠᠰᠠᠢ᠂ ᠰᠠᠶᠢᠨ ᠬᠢᠷᠢ ᠪᠦᠳᠦᠮᠵᠢ | ᠤᠯᠬᠤ ᠪᠤᠯᠳᠤᠭᠠᠢ ᠬᠡᠵᠤ ᠬᠦᠰᠡᠵᠦ ᠪᠠᠶᠢᠨ᠎ᠡ᠂ ᠶᠠᠭ ᠡᠨᠡᠬᠦ ᠰᠢᠯᠭᠠᠯᠳᠡ ᠲᠤᠯᠵᠤ ᠢᠷᠡᠭᠰᠡᠨ ᠴᠠᠭ ᠮᠦᠴᠡ ᠳᠤ᠂ ᠪᠠᠭᠰᠢ ᠨᠡᠷ | ᠤᠭ ᠰᠠᠨᠠᠭ᠎ᠠ ᠪᠠᠨ ᠰᠤᠷᠤᠭᠴᠢᠳ ᠲᠠᠭᠠᠨ ᠢᠯᠡᠳᠬᠡᠵᠤ᠂ ᠮᠡᠳᠡᠭᠦᠯᠬᠦ ᠨᠢ ᠵᠦᠢᠳᠡᠢ᠃ ᠪᠠᠭᠰᠢ ᠬᠦᠮᠦᠨ ᠴᠢᠨᠢ | ᠰᠤᠷᠤᠬᠴᠢᠳ ᠢᠶᠠᠨ ᠬᠠᠶᠢᠷᠠᠯᠠᠳᠠᠭ᠂ ︽ᠬᠦᠬᠡᠷᠤᠬᠦᠢ᠂ ᠮᠢᠨᠤ ᠬᠡᠤᠬᠡᠳ ᠤᠳ ᠰᠢᠯᠭᠠᠯᠳᠡ ᠳᠤ ᠤᠷᠤᠬᠤ ᠬᠡᠳ ᠵᠦᠳᠡᠵᠤ | ᠪᠠᠶᠢᠨ᠎ᠡ᠂ ᠶᠠᠳᠠᠷᠠᠵᠤ ᠪᠠᠶᠢᠨ᠎ᠡ᠂ ᠡᠳᠤᠷ ᠰᠦᠨᠢ ᠦᠬᠡᠢ ᠲᠠᠪᠳᠠᠯᠭ᠎ᠠ ᠳᠤ ᠤᠷᠤᠯᠴᠠᠵᠤ ᠪᠠᠶᠢᠨ᠎ᠡ᠂ ᠰᠠᠨᠠᠬᠰᠠᠨ | ᠪᠤᠳᠤᠬᠰᠠᠨ ᠢᠶᠠᠷ ᠢᠶᠠᠨ ᠰᠠᠶᠢᠨ ᠰᠢᠯᠭᠠᠭᠠᠰᠠᠢ︾ ᠬᠡᠵᠤ ᠪᠤᠳᠤᠳᠠᠭ᠂ ᠶᠠᠭ ᠡᠨᠡᠬᠦ ᠤᠭ ᠰᠠᠨᠠᠭ᠎ᠠ ᠨᠢ ᠰᠤᠷᠤᠭᠴᠢᠳ ᠢ ᠶᠡᠬᠡᠳᠡ | ᠲᠠᠶᠢᠳᠬᠠᠷᠠᠭᠤᠯᠵᠤ᠂ ᠤᠭ ᠰᠠᠨᠠᠭ᠎ᠠ ᠨᠢ ᠴᠠᠭᠠᠨ᠎ᠡ ᠪᠠᠨ ᠬᠡᠯᠡᠵᠤ ᠭᠠᠷᠬᠤ ᠦᠬᠡᠢ ᠲᠠᠯᠳᠡ ᠶᠢᠨ ᠮᠡᠳᠡᠷᠡᠮᠵᠢ ᠶᠢᠨ ᠰᠡᠷᠡᠯ ᠢ | ᠤᠯᠭᠤᠵᠤ ᠴᠢᠳᠠᠨ᠎ᠡ᠃ ᠬᠠᠷᠢᠨ ᠪᠠᠭᠰᠢ ᠨᠡᠷ᠄ ︽ᠵᠡ᠂ ᠮᠢᠨᠤ ᠰᠤᠷᠤᠭᠴᠢᠳ ᠴᠡᠬᠡᠵᠢᠯᠡᠭᠰᠡᠨ ᠶᠠᠭᠤᠮ᠎ᠡ ᠪᠠᠨ | ᠮᠠᠷᠳᠠᠴᠢᠬᠠᠭᠰᠠᠨ ᠶᠤᠮ ᠤᠤ᠂ ᠰᠠᠶᠢᠨ ᠲᠠᠪᠳᠡ᠂ ᠰᠠᠶᠢᠨ ᠴᠡᠬᠡᠵᠢᠯᠡ︾ ᠬᠡᠬᠦ ᠮᠡᠳᠦᠴᠢᠯᠡᠨ ᠲᠠᠷᠤᠯᠳᠡ ᠦᠭᠴᠤ ᠪᠤᠯᠬᠤ | ᠦᠬᠡᠢ᠂ ᠬᠦᠮᠦᠨ ᠬᠦᠮᠦᠨ ᠤ ᠬᠤᠭᠤᠷᠤᠨᠳᠤ ᠵᠦᠪ ᠮᠡᠳᠡᠷᠡᠮᠵᠢ ᠶᠢᠨ ᠨᠡᠪᠳᠡᠷᠡᠯᠴᠡᠯ ᠪᠤᠯ ᠤᠭ ᠰᠠᠨᠠᠭᠠᠨ ᠠᠴᠠ ᠪᠠᠨ ᠪᠤᠳᠤᠵᠤ | ᠴᠢᠳᠠᠬᠤ ᠪᠤᠳᠤᠯ ᠤᠨ ᠠᠴᠢᠶᠠᠯᠠᠪᠤᠷᠢ ᠳᠠᠭᠠᠨ ᠪᠠᠶᠢᠳᠠᠭ᠃ ᠡᠵᠢ ᠠᠪᠤ ᠪᠠ ᠪᠠᠭᠰᠢ ᠨᠠᠷ ᠨᠢ ᠴᠦᠮ ᠤᠭ ᠰᠠᠨᠠᠭᠠᠨ ᠠᠴᠠ ᠪᠠᠨ | ᠰᠤᠷᠤᠭᠴᠢᠳ ᠤᠨ ᠰᠠᠶᠢᠨ ᠰᠢᠯᠭᠠᠭᠤᠯᠬᠤ ᠶᠢ ᠪᠤᠳᠤᠳᠠᠭ᠂ ᠬᠡᠤᠬᠡᠳ ᠴᠤ ᠬᠡᠰᠡᠨ ᠠᠳᠠᠯᠢᠬᠠᠨ ᠯᠡ ᠰᠠᠶᠢᠨ ᠰᠢᠯᠭᠠᠶᠡ ᠬᠡᠵᠤ | ᠪᠤᠳᠤᠳᠠᠭ᠃ ᠠᠯᠢᠪᠠ ᠶᠠᠪᠤᠳᠠᠯ ᠳᠤ ᠤᠷᠤᠯᠴᠠᠬᠤ ᠳᠠᠭᠠᠨ ᠤᠬ ᠰᠠᠨᠠᠭ᠎ᠠ ᠪᠠᠨ ᠪᠤᠳᠤᠬᠤ ᠬᠡᠷᠡᠭᠳᠡᠢ᠂ ᠵᠠᠷᠢᠮ ᠦᠶᠡᠰ ᠤᠭ | ᠰᠠᠨᠠᠭ᠎ᠠ ᠪᠠᠨ ᠮᠠᠷᠳᠠᠴᠢᠬᠠᠬᠰᠠᠨ ᠪᠠᠶᠢᠳᠠᠭ᠃ ᠵᠦᠪᠬᠡᠨ ᠦᠵᠡᠭᠳᠡᠵᠤ ᠬᠠᠷᠠᠬᠳᠠᠬᠰᠠᠨ ᠶᠠᠭᠤᠮᠠᠨ ᠠᠴᠠ ᠠᠶᠤᠵᠤ ᠰᠤᠴᠢᠨ | ᠰᠠᠨᠳᠤᠷᠤᠭᠠᠳ ᠴᠡᠬᠡᠵᠢᠯᠡᠵᠤ ᠲᠡᠶᠢᠯᠦᠭᠰᠡᠨ ᠦᠬᠡᠢ ᠰᠢᠦ ᠬᠡᠬᠦ ᠮᠡᠳᠤ ᠶᠢᠨ ᠶᠠᠭᠤᠮ᠎ᠡ ᠪᠤᠳᠤᠪᠠᠯ ᠤᠭ ᠰᠠᠨᠠᠭ᠎ᠠ ᠨᠢ | ᠲᠠᠷᠤᠭᠳᠠᠳᠠᠭ᠃ ᠰᠠᠨᠳᠤᠷᠤᠭᠠᠳ ᠰᠠᠶᠢᠨ ᠪᠦᠳᠦᠮᠵᠢ ᠤᠯᠬᠤ ᠶᠠᠭᠤᠮ᠎ᠡ ᠪᠢᠰᠢ᠃ ᠮᠤᠩᠭᠤᠯᠴᠤᠳ ᠶᠡᠷᠤᠨᠢ ᠰᠠᠨᠠᠭᠠᠨ ᠳᠠᠭᠠᠨ | ᠡᠷᠬᠡᠰᠢᠶᠡᠯ ᠲᠠᠢ ᠪᠠᠶᠢᠳᠠᠭ᠂ ︽ᠬᠠᠨᠳᠤᠬᠰᠠᠨ ᠵᠦᠭ ᠲᠤ ᠲᠠᠶᠢᠰᠤᠨ ᠦᠬᠡᠢ︾᠂ ︽ᠤᠮᠤᠭ ᠵᠤᠷᠢᠭ ᠪᠠᠶᠢᠪᠠᠰᠤ ᠤᠷᠴᠢᠯᠠᠩ | ᠲᠡᠯᠡᠬᠡᠢ ᠳᠤᠷ ᠪᠡᠷᠬᠡ ᠶᠠᠪᠤᠳᠠᠯ ᠠᠯᠠᠭ᠎ᠠ︾ ᠬᠡᠵᠤ ᠪᠦᠬᠦ ᠶᠠᠭᠤᠮᠠᠨ ᠳᠤ ᠵᠤᠷᠢᠭ ᠲᠠᠢ ᠬᠠᠨᠳᠤᠳᠠᠭ᠃ ᠲᠡᠬᠡᠬᠦ ᠪᠠᠷ ᠢᠶᠠᠨ | ᠰᠤᠷᠤᠭᠴᠢᠳ ᠢᠶᠠᠨ ᠱᠠᠭᠠᠷᠳᠠᠬᠤ ᠠᠴᠠ ᠵᠤᠷᠢᠬᠵᠢᠭᠤᠯᠬᠤ ᠨᠢ ᠢᠯᠡᠬᠦᠦ ᠴᠢᠬᠤᠯᠡ᠃ |