ᠭᠡᠷᠡᠯᠲᠦ ᠪᠠᠭᠰᠢ ︽ᠰᠦ ᠪᠦ᠋ ᠴᠢᠩ ᠨᠡᠷᠡᠮᠵᠢᠲᠦ ᠲᠤᠭᠠᠨ ᠤ ᠤᠬᠠᠭᠠᠨ ᠤ ᠰᠤᠷᠭᠠᠨ ᠬᠦᠮᠦᠵᠢᠯ ᠤᠨ ᠱᠠᠩᠨᠠᠯ︾ ᠬᠦᠷᠲᠡᠪᠡ
ᠨᠡᠶᠢᠲᠡᠯᠡᠭᠰᠡᠨ ᠴᠠᠭ᠄
2017-04-10
        ᠠᠷᠪᠠᠨ ᠨᠢᠭᠡᠳᠦᠭᠡᠷ ᠬᠤᠭᠤᠴᠠᠭᠠᠨ ᠤ ︽ᠰᠦ ᠪᠦ᠋ ᠴᠢᠩ ᠨᠡᠷᠡᠮᠵᠢᠲᠦ ᠲᠤᠭᠠᠨ ᠤ ᠤᠬᠠᠭᠠᠨ ᠤ ᠰᠤᠷᠭᠠᠨ ᠬᠦᠮᠦᠵᠢᠯ ᠤᠨ ᠱᠠᠩᠨᠠᠯ︾ ᠤᠯᠭᠤᠬᠤ ᠶᠤᠰᠤᠯᠠᠯ ᠵᠧᠵᠢᠶᠠᠩ ᠮᠤᠵᠢ ᠶᠢᠨ ᠸᠧᠨᠵᠸᠦ ᠬᠤᠲᠠ ᠳᠤ ᠶᠠᠪᠤᠭᠳᠠᠵᠤ᠂ ᠪᠦᠬᠦ ᠤᠯᠤᠰ ᠤᠨ 21 ᠮᠤᠵᠢ᠂ ᠬᠤᠲᠠ᠂ ᠦᠪᠡᠷᠲᠡᠭᠡᠨ ᠵᠠᠰᠠᠬᠤ ᠤᠷᠤᠨ ᠠᠴᠠ ᠢᠷᠡᠭᠰᠡᠨ 25 ᠪᠠᠭᠰᠢ ᠲᠤᠰ ᠱᠠᠩᠨᠠᠯ ᠢ ᠲᠤᠰᠪᠠ᠂ ᠡᠭᠦᠨ ᠳᠤ ᠰᠢᠯᠢᠩᠬᠤᠲᠠ ᠶᠢᠨ ᠮᠤᠩᠭᠤᠯ ᠳᠤᠮᠳᠠᠳᠤ ᠰᠤᠷᠭᠠᠭᠤᠯᠢ ᠶᠢᠨ ᠪᠠᠭᠰᠢ ᠡ᠊᠂ ᠭᠡᠷᠡᠯᠲᠦ ᠪᠠᠯ ᠮᠠᠨ ᠤ ᠤᠷᠤᠨ ᠤ ᠴᠤᠷ ᠤᠨ ᠭᠠᠭᠴᠠ ᠱᠠᠩᠨᠠᠯ ᠭᠠᠷᠳᠠᠭᠴᠢ ᠮᠦᠷᠲᠡᠭᠡᠨ ᠪᠦᠬᠦ ᠤᠯᠤᠰ ᠤᠨ ᠴᠦᠭᠡᠨ ᠲᠤᠭᠠᠲᠤ ᠦᠨᠳᠦᠰᠦᠲᠡᠨ ᠤ ᠴᠤᠷ ᠤᠨ ᠭᠠᠭᠴᠠ ᠱᠠᠩᠨᠠᠯ ᠲᠤᠰᠤᠭᠰᠠᠨ ᠪᠠᠭᠰᠢ ᠪᠤᠯᠤᠨ᠎ᠠ᠃        ᠡ᠊᠂ ᠭᠡᠷᠡᠯᠲᠦ ᠪᠠᠭᠰᠢ 1983 ᠤᠨ ᠳᠤ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠠᠴᠠ ᠲᠡᠭᠦᠰᠴᠦ᠂ ᠤᠷᠢᠳ ᠬᠤᠵᠢᠳ ᠬᠦᠪᠡᠭᠡᠲᠦ ᠰᠢᠷ᠎ᠠ ᠬᠤᠰᠢᠭᠤᠨ ᠤ ᠮᠤᠩᠭᠤᠯ ᠳᠤᠮᠳᠠᠳᠤ ᠰᠤᠷᠭᠠᠭᠤᠯᠢ᠂ ᠰᠢᠯᠢᠩᠬᠤᠲᠠ ᠶᠢᠨ ᠮᠤᠩᠭᠤᠯ ᠳᠤᠮᠳᠠᠳᠤ ᠰᠤᠷᠭᠠᠭᠤᠯᠢ ᠳᠤ ᠪᠠᠭᠰᠢᠯᠠᠵᠤ᠂ ᠭᠤᠴᠢ ᠭᠠᠷᠤᠢ ᠵᠢᠯ ᠤᠨ ᠲᠤᠷᠰᠢ ᠦᠨᠳᠦᠰᠦᠲᠡᠨ ᠤ ᠰᠤᠷᠭᠠᠨ ᠬᠦᠮᠦᠵᠢᠯ ᠤᠨ ᠡᠮᠦᠨ᠎ᠡ ᠹᠷᠤᠨᠲ ᠳᠤ ᠭᠠᠪᠰᠢᠭᠠᠶᠢᠯᠠᠭᠰᠠᠭᠠᠷ ᠢᠷᠡᠵᠡᠢ᠃ ᠡ᠊᠂ ᠭᠡᠷᠡᠯᠲᠦ ᠪᠠᠭᠰᠢ ᠮᠤᠩᠭᠤᠯ ᠰᠤᠷᠤᠭᠴᠢ ᠶᠢᠨ ᠤᠨᠴᠠᠯᠢᠭ ᠢ ᠦᠨᠳᠦᠰᠦᠯᠡᠨ᠂ ᠰᠡᠭᠡᠭᠡᠷᠡᠭᠦᠯᠬᠦ ᠬᠡᠯᠪᠡᠷᠢ ᠶᠢᠨ ᠵᠢᠭᠠᠨ ᠰᠤᠷᠭᠠᠯᠲᠠ ᠶᠢᠨ ᠠᠷᠭ᠎ᠠ ᠶᠢ ᠤᠶᠠᠯᠳᠤᠭᠤᠯᠤᠨ ᠬᠡᠷᠡᠭᠯᠡᠵᠦ ᠂ ᠲᠤᠭᠠᠨ ᠤ ᠬᠢᠴᠢᠶᠡᠯ ᠢ ᠠᠮᠢᠳᠤᠯᠢᠭ ᠰᠤᠨᠢᠷᠬᠠᠯᠲᠠᠢ ᠤᠷᠤᠳᠠᠭ ᠠᠴᠠ ᠲᠡᠭᠦᠨ ᠤ ᠵᠢᠭᠠᠭᠰᠠᠨ ᠰᠤᠷᠤᠭᠴᠢᠳ ᠲᠤᠭᠠᠨ ᠤ ᠰᠢᠯᠭᠠᠯᠲᠠ ᠳᠤ ᠢᠯᠡᠷᠬᠡᠢ ᠰᠠᠶᠢᠨ ᠬᠢᠷᠢ ᠪᠦᠲᠦᠮᠵᠢ ᠤᠯᠵᠤ᠂ ᠨᠡᠯᠢᠶᠠᠳ ᠬᠡᠲᠦᠨ ᠰᠤᠷᠤᠭᠴᠢ ᠨᠢ ᠶᠡᠭᠡ ᠳᠡᠭᠡᠳᠦ ᠰᠤᠷᠭᠠᠭᠤᠯᠢ ᠳᠤ ᠳᠡᠪᠰᠢᠬᠦ ᠤᠯᠤᠰ ᠤᠨ ᠨᠢᠭᠡᠲᠦᠯᠲᠡᠢ ᠰᠢᠯᠭᠠᠯᠲᠠ ᠳᠤ ᠲᠤᠭᠠᠨ ᠤ ᠬᠢᠷᠢ ᠪᠦᠲᠦᠮᠵᠢ ᠪᠠᠷ ᠢᠶᠠᠨ ᠠᠶᠢᠮᠠᠭ ᠲᠠᠭᠠᠨ ᠲᠡᠷᠢᠭᠦᠯᠡᠭᠰᠡᠨ ᠪᠦᠭᠡᠳ ᠤᠨᠴᠠᠭᠠᠶᠢᠯᠠᠨ ᠳᠤᠷᠠᠳᠤᠭᠤᠰᠢᠲᠠᠢ ᠨᠢ ᠲᠡᠭᠦᠨ ᠤ ᠰᠤᠷᠤᠭᠴᠢ ᠰᠤᠳᠦᠪᠢᠯᠢᠭ 2003 ᠤᠨ ᠤ ᠤᠯᠤᠰ ᠤᠨ ᠰᠢᠯᠭᠠᠯᠲᠠ ᠳᠤ 132 ᠬᠤᠪᠢ ᠪᠠᠷ ᠪᠦᠬᠦ ᠤᠷᠤᠨ ᠳᠤ ᠲᠡᠷᠢᠭᠦᠯᠡᠵᠡᠢ᠃ ᠡ᠊᠂ ᠭᠡᠷᠡᠯᠲᠦ ᠪᠠᠭᠰᠢ ᠶᠢᠨ ᠠᠩᠭᠢ ᠠᠴᠠ ᠤᠷᠢᠳ ᠬᠤᠵᠢᠳ 200 ᠭᠠᠷᠤᠢ ᠰᠤᠷᠤᠭᠴᠢ ᠶᠡᠭᠡ ᠳᠡᠭᠡᠳᠦ ᠰᠤᠷᠭᠠᠭᠤᠯᠢ ᠳᠤ ᠰᠢᠯᠭᠠᠭᠳᠠᠨ ᠤᠷᠤᠭᠰᠠᠨ ᠪᠦᠭᠡᠳ ᠰᠢᠯᠢᠩᠬᠤᠲᠠ ᠶᠢᠨ ᠮᠤᠩᠭᠤᠯ ᠳᠤᠮᠳᠠᠳᠤ ᠰᠤᠷᠭᠠᠭᠤᠯᠢ ᠶᠢᠨ ᠶᠡᠭᠡ ᠳᠡᠭᠡᠳᠦ ᠰᠤᠷᠭᠠᠭᠤᠯᠢ ᠳᠤ ᠳᠠᠪᠰᠢᠭᠰᠠᠨ ᠨᠤᠷᠮ᠎ᠠ 84.6% ᠬᠦᠷᠦᠭᠰᠡᠨ ᠲᠡᠮᠳᠡᠭᠯᠡᠯ ᠢ ᠲᠡᠭᠦᠨ ᠤ ᠠᠩᠭᠢ ᠡᠭᠦᠳᠦᠭᠰᠡᠨ ᠪᠢᠯᠡ᠃        ᠤᠳᠠᠭᠠᠨ ᠵᠢᠯ ᠤᠨ ᠲᠤᠷᠰᠢ ᠡ᠊᠂ ᠭᠡᠷᠡᠯᠲᠦ ᠪᠠᠭᠰᠢ ᠬᠢᠴᠢᠶᠡᠯ ᠵᠢᠭᠠᠬᠤ ᠶᠢ ᠪᠠᠷᠢᠮᠲᠠᠯᠠᠬᠤ ᠶᠢᠨ ᠬᠠᠮᠲᠤ ᠵᠢᠭᠠᠨ ᠰᠤᠷᠭᠠᠯᠲᠠ ᠶᠢ ᠰᠤᠳᠤᠯᠬᠤ ᠳᠤ ᠰᠢᠮᠳᠠᠨ᠂ ᠦᠪᠡᠷᠲᠡᠭᠡᠨ ᠵᠠᠰᠠᠬᠤ ᠤᠷᠤᠨ ᠤ ᠳᠡᠰ ᠤᠨ ᠰᠤᠳᠤᠯᠭᠠᠨ ᠤ ᠰᠡᠳᠦᠪ ︽ᠪᠤᠶᠢᠳᠠ ᠪᠦᠭᠯᠡᠭᠦᠦ ᠴᠦᠭᠡᠨ ᠲᠤᠭᠠᠲᠤ ᠦᠨᠳᠦᠰᠦᠲᠡᠨ ᠤ ᠰᠤᠷᠤᠭᠴᠢ ᠶᠢᠨ ᠰᠤᠷᠤᠯᠴᠠᠯᠭ᠎ᠠ ᠵᠢᠯᠤᠭᠤᠳᠤᠯᠭ᠎ᠠ ᠶᠢᠨ ᠰᠤᠳᠤᠯᠭᠠᠨ︾᠂ ᠳᠤᠮᠳᠠᠳᠤ ᠤᠯᠤᠰ ᠤᠨ ᠰᠤᠷᠭᠠᠨ ᠬᠦᠮᠦᠵᠢᠯ ᠤᠨ ᠰᠤᠳᠤᠯᠭᠠᠨ ᠤ ᠨᠡᠶᠢᠭᠡᠮᠯᠢᠭ ᠤᠨ ᠰᠤᠳᠤᠯᠭᠠᠨ ᠤ ᠰᠡᠳᠦᠪ ︽ᠮᠤᠩᠭᠤᠯ ᠢᠶᠠᠷ ᠬᠢᠴᠢᠶᠡᠯᠯᠡᠬᠦ ᠲᠤᠭᠠᠨ ᠤ ᠬᠢᠴᠢᠶᠡᠯ ᠤᠨ ᠤᠶᠤᠨ ᠤ ᠪᠠ ᠤᠶᠤᠨ ᠤ ᠪᠤᠰᠤ ᠵᠢᠭᠠᠨ ᠰᠤᠷᠭᠠᠯᠲᠠ ᠶᠢᠨ ᠰᠤᠳᠤᠯᠭᠠᠨ︾ ᠵᠡᠷᠭᠡ ᠴᠢᠬᠤᠯᠠ ᠰᠤᠳᠤᠯᠭᠠᠨ ᠤ ᠰᠡᠳᠦᠪ ᠲᠤ ᠤᠷᠤᠯᠴᠠᠵᠤ᠂ ︽ᠲᠡᠩᠴᠡᠭᠦᠦ ᠬᠠᠷᠢᠴᠠᠭᠠᠲᠤ ᠴᠤᠪᠤᠭ᠎ᠠ ᠲᠤᠭ᠎ᠠ ᠶᠢᠨ ᠲᠤᠬᠠᠢ ᠵᠢᠭᠠᠬᠤ ᠲᠦᠯᠦᠪᠯᠡᠭᠡ︾ ᠵᠡᠷᠭᠡ ᠤᠯᠠᠨ ᠦᠭᠦᠯᠡᠯ ᠨᠢ ᠲᠦᠪ ᠤᠨ ᠪᠠ ᠮᠤᠵᠢ ᠶᠢᠨ ᠳᠡᠰ ᠤᠨ ᠰᠡᠳᠬᠦᠯ ᠳᠡᠭᠡᠷ᠎ᠡ ᠨᠡᠶᠢᠲᠡᠯᠡᠭᠳᠡᠵᠡᠢ᠃        ᠤᠶᠢᠯᠠᠭᠠᠭᠰᠠᠨ ᠢᠶᠠᠷ᠂ ︽ᠰᠦ ᠪᠦ᠋ ᠴᠢᠩ ᠨᠡᠷᠡᠮᠵᠢᠲᠦ ᠲᠤᠭᠠᠨ ᠤ ᠤᠬᠠᠭᠠᠨ ᠤ ᠰᠤᠷᠭᠠᠨ ᠬᠦᠮᠦᠵᠢᠯ ᠤᠨ ᠱᠠᠩᠨᠠᠯ︾ 1991 ᠤᠨ ᠤ 9 ᠰᠠᠷ᠎ᠠ ᠳᠤ ᠰᠢᠶᠠᠩ ᠡᠦ ᠶᠢ ᠫᠷᠦᠹᠧᠰᠰᠤᠷ ᠵᠡᠷᠭᠡ ᠡᠷᠳᠡᠮᠲᠡᠳ ᠤᠨ ᠰᠠᠨᠠᠭᠠᠴᠢᠯᠠᠭ᠎ᠠ ᠪᠠᠷ ᠹᠦᠳᠠᠨ ᠶᠡᠭᠡ ᠰᠤᠷᠭᠠᠭᠤᠯᠢ᠂ ᠱᠠᠩᠬᠠᠢ ᠬᠤᠲᠠ ᠶᠢᠨ ᠰᠤᠷᠭᠠᠨ ᠬᠦᠮᠦᠵᠢᠯ ᠤᠨ ᠲᠤᠪᠴᠢᠶ᠎ᠠ᠂ ᠱᠠᠩᠬᠠᠢ ᠬᠤᠲᠠ ᠶᠢᠨ ᠳᠤᠮᠳᠠᠳᠤ ᠪᠠᠭ᠎ᠠ ᠰᠤᠷᠭᠠᠭᠤᠯᠢ ᠴᠡᠴᠡᠷᠯᠢᠭ ᠤᠨ ᠪᠠᠭᠰᠢ ᠶᠢ ᠱᠠᠩᠨᠠᠨ ᠬᠦᠬᠢᠭᠦᠯᠬᠦ ᠰᠠᠭᠤᠷᠢ ᠮᠦᠩᠭᠦᠨ ᠤ ᠨᠡᠶᠢᠭᠡᠮᠯᠢᠭ ᠠᠴᠠ ᠬᠠᠮᠲᠤᠷᠠᠨ ᠪᠠᠶᠢᠭᠤᠯᠤᠭᠰᠠᠨ ᠮᠠᠨ ᠤ ᠤᠯᠤᠰ ᠤᠨ ᠳᠤᠮᠳᠠᠳᠤ ᠰᠤᠷᠭᠠᠭᠤᠯᠢ ᠶᠢᠨ ᠲᠤᠭᠠᠨ ᠤ ᠤᠬᠠᠭᠠᠨ ᠤ ᠰᠤᠷᠭᠠᠨ ᠬᠦᠮᠦᠵᠢᠯ ᠤᠨ  ᠬᠢᠨ ᠤ ᠬᠠᠮᠤᠭ ᠤᠨ ᠳᠡᠭᠡᠳᠦ ᠱᠠᠩᠨᠠᠯ ᠪᠤᠯᠤᠨ᠎ᠠ᠃
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号