ᠡᠮᠡᠭᠲᠡᠶᠢᠴᠦᠳ ᠤᠨ ᠬᠠᠪᠤᠷ ᠤᠨ ᠤᠯᠠᠷᠢᠯ ᠳᠠᠬᠢ ᠪᠡᠶ᠎ᠡ ᠰᠤᠪᠢᠯᠠᠬᠤ ᠳᠦᠷᠪᠡᠨ ᠠᠷᠭ᠎ᠠ
ᠨᠡᠶᠢᠲᠡᠯᠡᠭᠰᠡᠨ ᠴᠠᠭ᠄
2017-03-24
       ᠡᠮᠡᠭᠲᠡᠶᠢᠴᠦᠳ ᠭᠤᠸ᠎ᠠ ᠰᠠᠶᠢᠬᠠᠨ ᠢᠶᠠᠨ ᠪᠠᠲᠤᠯᠠᠨ ᠡᠷᠡᠭᠦᠯ ᠴᠢᠬᠢᠷᠠᠭ ᠶᠠᠪᠤᠶ᠎ᠠ ᠭᠡᠪᠡᠯ ᠬᠠᠪᠤᠷ ᠤᠨ ᠤᠯᠠᠷᠢᠯ ᠳᠤ ᠡᠷᠬᠡᠪᠰᠢ ᠲᠤᠬᠢᠷᠠᠮᠵᠢᠲᠠᠢ ᠪᠡᠶ᠎ᠡ ᠰᠤᠪᠢᠯᠠᠬᠤ ᠠᠷᠭ᠎ᠠ ᠠᠪᠬᠤ ᠬᠡᠷᠡᠭᠲᠡᠢ᠂ ᠲᠠ ᠨᠠᠷ ᠮᠢᠨᠢ ᠳᠤᠤᠷᠠᠬᠢ ᠳᠦᠷᠪᠡᠨ ᠠᠷᠭ᠎ᠠ ᠪᠠᠷ ᠲᠤᠷᠰᠢᠵᠤ ᠦᠵᠡᠭᠡᠷᠡᠢ᠃        1. ᠬᠦᠴᠢᠯᠯᠢᠭ ᠴᠢᠨᠠᠷᠲᠠᠢ ᠵᠦᠢᠯ ᠢ ᠲᠤᠲᠠᠭᠤ ᠢᠳᠡᠭᠡᠷᠡᠢ᠃ ᠬᠠᠪᠤᠷ ᠤᠨ ᠤᠯᠠᠷᠢᠯ ᠳᠤ᠂ ᠬᠦᠮᠦᠨ ᠤ ᠡᠯᠢᠭᠡᠨ ᠤ ᠬᠠᠯᠠᠭᠤᠨ ᠳᠡᠭᠡᠭᠰᠢᠯᠡᠬᠦ ᠤᠴᠢᠷ ᠠᠴᠠ ᠬᠦᠴᠢᠯᠯᠢᠭ ᠴᠢᠨᠠᠷᠲᠠᠢ ᠵᠦᠢᠯ ᠢ ᠢᠳᠡᠪᠡᠯ ᠡᠯᠢᠭᠡᠨ ᠬᠠᠯᠠᠭᠤᠨ ᠤᠯᠠᠮ ᠭᠡᠴᠡᠭᠦᠳᠡᠭᠡᠳ ᠬᠤᠳᠤᠭᠤᠳᠤ ᠭᠡᠳᠡᠰᠦ ᠮᠠᠭᠤᠲᠠᠬᠤ ᠢᠯᠡᠷᠡᠯ ᠭᠠᠷᠤᠨ᠎ᠠ᠃ ᠬᠠᠪᠤᠷ ᠤᠨ ᠤᠯᠠᠷᠢᠯ ᠳᠤ ᠬᠤᠨᠢᠨ ᠮᠢᠬ᠎ᠠ᠂ ᠨᠤᠬᠠᠢ ᠶᠢᠨ ᠮᠢᠬ᠎ᠠ᠂ ᠪᠦᠲᠦᠨ᠎ᠡ ᠶᠢᠨ ᠮᠢᠬ᠎ᠠ᠂ ᠯᠤᠬᠠᠱᠧᠩ᠂ ᠨᠠᠷᠠᠨ ᠬᠤᠸᠠᠷ ᠤᠨ ᠦᠷ᠎ᠡ᠂ ᠳᠠᠯᠠᠢ ᠶᠢᠨ ᠵᠢᠭᠠᠰᠤ᠂ ᠰᠠᠮ ᠬᠤᠷᠤᠬᠠᠢ᠂ ᠨᠠᠢᠮᠠᠯᠵᠢ ᠮᠡᠲᠦ ᠶᠢᠨ ᠬᠦᠴᠢᠯᠯᠢᠭ ᠴᠢᠨᠠᠷᠲᠠᠢ ᠵᠦᠢᠯ ᠢ ᠲᠤᠲᠠᠭᠤ ᠢᠳᠡᠵᠦ᠂ ᠲᠦᠮᠦᠰᠦ ᠂ ᠬᠠᠪᠤᠷ ᠤᠨ ᠰᠦᠶ᠎ᠡ᠂ ᠦᠷᠭᠡᠰᠦᠲᠦ ᠨᠤᠭᠤᠭ᠎ᠠ᠂ ᠴᠢᠪᠠᠭ᠎ᠠ᠂ ᠭᠤᠭᠤᠳ ᠵᠡᠷᠭᠡ ᠶᠢᠨ ᠨᠤᠭᠤᠭ᠎ᠠ ᠶᠢ ᠢᠳᠡᠪᠡᠯ ᠵᠤᠬᠢᠨ᠎ᠠ᠃
       2. ᠴᠢᠭᠢᠭ ᠲᠠᠢ ᠤᠷᠴᠢᠨ ᠳᠤ ᠤᠳᠠᠭᠠᠨ ᠰᠠᠭᠤᠵᠤ ᠪᠤᠯᠬᠤ ᠦᠭᠡᠢ᠃ ᠬᠠᠪᠤᠷ ᠤᠨ ᠤᠯᠠᠷᠢᠯ ᠳᠤ᠂ ᠡᠳᠦᠷ ᠳᠤᠯᠠᠭᠠᠷᠠᠬᠤ ᠶᠢ ᠳᠠᠭᠠᠯᠳᠤᠨ ᠲᠦᠮᠡᠨ ᠪᠤᠳᠠᠰ ᠠᠮᠢᠯᠠᠨ᠂ ᠬᠤᠷᠤᠬᠠᠢ ᠪᠠᠺᠲ᠋ᠧᠷᠢ ᠶᠡᠭᠡ ᠪᠠᠷ ᠦᠷᠡᠵᠢᠨ ᠲᠦᠯᠵᠢᠬᠦ ᠪᠤᠯᠬᠤᠷ ᠡᠭᠦᠳᠡ ᠴᠤᠩᠬᠤ ᠪᠠᠨ ᠨᠡᠭᠡᠭᠡᠵᠦ ᠰᠠᠯᠬᠢ ᠵᠢᠪᠠᠷ ᠨᠡᠪᠲᠡᠷᠡᠭᠦᠯᠬᠦ ᠶᠢᠨ ᠵᠡᠷᠭᠡᠪᠡᠷ ᠬᠦᠨᠵᠢᠯᠡ ᠳᠡᠪᠢᠰᠬᠡᠷ᠂ ᠬᠤᠪᠴᠠᠰᠤ ᠬᠤᠨᠠᠷ ᠢᠶᠠᠨ ᠨᠠᠷᠠᠨ ᠳᠤ ᠳᠡᠯᠭᠡᠨ ᠡᠭᠡᠭᠡᠬᠦ ᠬᠡᠷᠡᠭᠲᠡᠢ᠃ ᠡᠮᠡᠭᠲᠡᠶᠢᠴᠦᠳ ᠪᠦᠰ ᠢᠶᠠᠷ ᠬᠢᠭᠰᠡᠨ ᠬᠤᠪᠴᠠᠰᠤ ᠡᠮᠦᠰᠪᠡᠯ ᠡᠷᠡᠭᠦᠯ ᠴᠢᠬᠢᠷᠠᠭ ᠲᠤ ᠲᠤᠰᠠᠲᠠᠢ ᠶᠤᠮ᠃        3. ᠦᠷᠭᠦᠯᠵᠢ ᠬᠦᠳᠡᠯᠭᠡᠭᠡᠨ ᠬᠢᠵᠦ᠂ ᠭᠡᠷ ᠠᠴᠠ ᠪᠠᠨ ᠭᠠᠷᠬᠤ ᠦᠭᠡᠢ ᠪᠠᠶᠢᠵᠤ ᠪᠤᠯᠬᠤ ᠦᠭᠡᠢ᠃ ᠬᠠᠪᠤᠷ ᠤᠨ ᠤᠯᠠᠷᠢᠯ ᠪᠤᠯ ᠡᠬᠡ ᠪᠠᠶᠢᠭᠠᠯᠢ ᠶᠢᠨ ᠲᠦᠮᠡᠨ ᠪᠤᠳᠠᠰ ᠤᠨ ᠠᠮᠢᠯᠠᠨ ᠳᠡᠯᠭᠡᠷᠡᠬᠦ ᠴᠠᠭ ᠮᠦᠨ᠂ ᠡᠨᠡ ᠦᠶ᠎ᠡ ᠳᠤ ᠢᠯᠡᠭᠦᠬᠡᠨ ᠭᠡᠷ ᠤᠨ ᠭᠠᠳᠠᠨ᠎ᠠ ᠭᠠᠷᠴᠤ ᠰᠤᠯᠠ ᠠᠯᠬᠤᠯᠠᠬᠤ ᠪᠤᠶᠤ ᠬᠠᠮᠲᠤ ᠶᠢᠨ ᠪᠦᠵᠢᠭ ᠪᠦᠵᠢᠭᠯᠡᠬᠦ᠂ ᠨᠠᠷᠠᠨ ᠳᠤ ᠡᠭᠡᠭᠡᠪᠡᠯ ᠬᠦᠮᠦᠨ ᠤ ᠪᠡᠶ᠎ᠡ ᠮᠠᠬᠠᠪᠤᠳ ᠲᠤ ᠶᠡᠭᠡ ᠰᠠᠶᠢᠨ ᠶᠤᠮ᠃        4. ᠪᠠᠶᠠᠰᠤᠩᠭᠤᠢ ᠪᠠᠶᠢᠵᠤ ᠠᠭᠤᠷᠯᠠᠵᠤ ᠪᠠᠴᠢᠮᠳᠠᠬᠤ ᠠᠴᠠ ᠬᠢᠴᠢᠶᠡᠬᠦ ᠬᠡᠷᠡᠭᠲᠡᠢ᠃ ᠬᠠᠪᠤᠷ ᠤᠨ ᠤᠯᠠᠷᠢᠯ ᠳᠤ ᠬᠦᠮᠦᠨ ᠤ ᠡᠯᠢᠭᠡᠨ ᠬᠠᠯᠠᠭᠤᠨ ᠳᠡᠭᠡᠭᠰᠢᠯᠡᠵᠦ ᠠᠭᠤᠷ ᠤᠮᠤᠭ ᠨᠡᠮᠡᠭᠳᠡᠬᠦ ᠪᠤᠯᠬᠤᠷ ᠠᠭᠤᠷᠯᠠᠵᠤ ᠪᠠᠴᠢᠮᠳᠠᠬᠤ ᠠᠴᠠ ᠤᠨᠴᠠᠭᠠᠢ ᠬᠢᠴᠢᠶᠡᠵᠦ ᠳᠡᠯᠢᠭᠦᠦ ᠪᠠᠨ ᠬᠠᠮᠠᠭᠠᠯᠠᠬᠤ ᠬᠡᠷᠡᠭᠲᠡᠢ᠃ ᠰᠡᠳᠬᠢᠯ ᠰᠠᠨᠠᠭ᠎ᠠ ᠪᠠᠨ ᠠᠭᠤᠵᠢᠭᠤ ᠲᠠᠯᠪᠢᠭᠤᠨ ᠪᠠᠶᠢᠯᠭᠠᠪᠠᠯ ᠡᠷᠡᠭᠦᠯ ᠴᠢᠬᠢᠷᠠᠭ ᠭᠠᠩᠭᠠᠩ ᠰᠠᠶᠢᠬᠠᠨ ᠶᠠᠪᠤᠬᠤ ᠳᠤ ᠴᠢᠨᠢ ᠮᠠᠰᠢ ᠲᠤᠰᠠᠲᠠᠢ ᠶᠤᠮ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号