| ᠦᠷᠭᠡᠰᠦᠲᠦ ᠬᠡᠮᠬᠡ᠄ ᠦᠷᠭᠡᠰᠦᠲᠦ ᠬᠡᠮᠬᠡ ᠳᠤ ᠫᠷᠦᠫᠢᠯ ᠠᠯᠺᠤᠤᠯ ᠤᠨ ᠬᠤᠶᠠᠷᠴᠢ ᠬᠦᠴᠢᠯ ᠠᠭᠤᠯᠤᠭᠳᠠᠵᠤ | ᠪᠠᠶᠢᠳᠠᠭ᠃ ᠲᠤᠰ ᠪᠤᠳᠠᠰ ᠨᠢ ᠢᠳᠡᠭᠡᠨ ᠲᠤᠲᠤᠷᠠᠬᠢ ᠨᠡᠭᠦᠷᠡᠰᠦ — ᠤᠰᠤᠨ ᠤ ᠨᠢᠭᠡᠲᠦᠯ ᠤᠨ ᠦᠭᠡᠬᠦ ᠪᠤᠯᠬᠤ ᠶᠢ | ᠬᠤᠷᠢᠭᠯᠠᠬᠤ ᠦᠢᠯᠡᠳᠦᠯ ᠲᠠᠢ᠃ | ᠴᠠᠭᠠᠨ ᠯᠤᠤᠪᠠᠩ᠄ ᠯᠤᠤᠪᠠᠩ ᠲᠤᠲᠤᠷᠠᠬᠢ ᠭᠠᠶᠢᠮᠤ ᠶᠢᠨ ᠲᠤᠰᠤ ᠨᠢ ᠪᠡᠶ᠎ᠡ ᠲᠤᠲᠤᠷᠠᠬᠢ ᠦᠭᠡᠬᠦᠯᠢᠭ | ᠪᠤᠳᠠᠰ ᠢ ᠪᠤᠳᠠᠰ ᠤᠨ ᠰᠤᠯᠢᠯᠴᠠᠭ᠎ᠠ ᠳᠤ ᠤᠷᠤᠯᠴᠠᠬᠤ ᠶᠢ ᠲᠦᠷᠭᠡᠳᠬᠡᠨ ᠦᠭᠡᠬᠦᠯᠢᠭ ᠪᠤᠳᠠᠰ ᠤᠨ ᠬᠤᠷᠠᠮᠳᠤᠬᠤ ᠠᠴᠠ | ᠰᠡᠷᠭᠡᠶᠢᠯᠡᠵᠦ ᠴᠢᠳᠠᠨ᠎ᠠ᠃ | ᠭᠤᠭᠤᠳ᠄ ᠭᠤᠭᠤᠳ ᠤᠨ ᠲᠤᠲᠤᠷ᠎ᠠ ᠰᠢᠷᠬᠡᠭᠯᠢᠭ ᠪᠤᠳᠠᠰ ᠠᠷᠪᠢᠨ ᠠᠭᠤᠯᠤᠭᠳᠠᠬᠤ ᠪᠦᠭᠡᠳ ᠠᠮᠠᠷᠬᠠᠨ | ᠰᠢᠩᠭᠡᠭᠡᠭᠳᠡᠬᠦ ᠦᠭᠡᠢ᠃ ᠭᠡᠳᠡᠰᠦᠨ ᠤ ᠭᠦᠷᠪᠡᠯᠵᠡᠬᠦ ᠬᠦᠳᠡᠯᠭᠡᠭᠡᠨ ᠢ ᠲᠦᠷᠭᠡᠳᠬᠡᠨ ᠦᠳᠬᠡᠨ ᠮᠦᠷ ᠢ | ᠭᠠᠳᠠᠭᠰᠢᠯᠠᠭᠤᠯᠬᠤ ᠦᠢᠯᠡᠳᠦᠯ ᠲᠠᠢ ᠪᠤᠯᠬᠤᠷ ᠭᠡᠳᠡᠰᠦᠨ ᠤ ᠪᠤᠳᠠᠰ ᠤᠨ ᠰᠢᠮ᠎ᠡ ᠶᠢ ᠬᠡᠲᠦᠷᠬᠡᠢ ᠰᠢᠩᠭᠡᠭᠡᠨ | ᠠᠪᠬᠤ ᠠᠴᠠ ᠰᠡᠷᠭᠡᠶᠢᠯᠡᠵᠦ ᠴᠢᠳᠠᠨ᠎ᠠ᠃ | ᠳ᠋ᠦᠩᠭᠤᠸᠠ᠄ ᠳ᠋ᠦᠩᠭᠤᠸᠠ ᠨᠢ ᠰᠢᠮ᠎ᠡ ᠲᠡᠵᠢᠭᠡᠯ ᠠᠭᠤᠯᠤᠭᠳᠠᠬᠤ ᠬᠡᠮᠵᠢᠶ᠎ᠡ ᠨᠢ ᠪᠠᠭ᠎ᠠ ᠪᠦᠭᠡᠳ ᠪᠡᠶ᠎ᠡ ᠳᠤ | ᠬᠤᠷᠠᠮᠳᠤᠭᠰᠠᠨ ᠦᠭᠡᠬᠦ ᠶᠢ ᠵᠠᠳᠠᠷᠠᠭᠤᠯᠬᠤ ᠪᠠ ᠦᠳᠬᠡᠨ ᠮᠦᠷ ᠢ ᠭᠠᠳᠠᠭᠰᠢᠯᠠᠭᠤᠯᠬᠤ ᠦᠢᠯᠡᠳᠦᠯ ᠲᠠᠢ᠃ | ᠯᠠᠵᠤᠤ᠄ ᠯᠠᠵᠤᠤ ᠳᠤ ᠯᠠᠵᠤᠤ ᠶᠢᠨ ᠡᠳ᠋ ᠡᠯᠪᠡᠭ ᠠᠭᠤᠯᠤᠭᠳᠠᠵᠤ᠂ ᠦᠭᠡᠬᠦᠨ ᠰᠤᠯᠢᠯᠴᠠᠭ᠎ᠠ ᠶᠢ | ᠲᠦᠷᠭᠡᠳᠬᠡᠨ᠂ ᠦᠭᠡᠬᠦ ᠶᠢ ᠵᠠᠳᠠᠷᠠᠭᠤᠯᠵᠤ᠂ ᠦᠭᠡᠬᠦᠯᠢᠭ ᠪᠤᠳᠠᠰ ᠤᠨ ᠪᠡᠶ᠎ᠡ ᠲᠤᠲᠤᠷ᠎ᠠ ᠬᠤᠷᠠᠮᠳᠤᠬᠤ ᠠᠴᠠ | ᠰᠡᠷᠭᠡᠶᠢᠯᠡᠵᠦ ᠴᠢᠳᠠᠨ᠎ᠠ᠃ | ᠨᠤᠭᠤᠭᠠᠨ ᠪᠤᠳᠠᠰ ᠤᠨ ᠰᠤᠶᠤᠭ᠎ᠠ᠄ ᠤᠰᠤᠨ ᠤ ᠠᠭᠤᠯᠤᠭᠳᠠᠴᠠ ᠦᠨᠳᠦᠷ ᠪᠤᠯᠬᠤᠷ ᠡᠨᠧᠷᠭᠢ ᠪᠠᠭ᠎ᠠ | ᠪᠦᠭᠡᠳ ᠢᠳᠡᠭᠰᠡᠨ ᠤ ᠳᠠᠷᠠᠭ᠎ᠠ ᠪᠡᠶ᠎ᠡ ᠲᠤᠲᠤᠷᠠᠬᠢ ᠦᠭᠡᠬᠦᠯᠢᠭ ᠪᠤᠳᠠᠰ ᠬᠤᠷᠠᠮᠳᠤᠬᠤ ᠦᠭᠡᠢ᠃ | ᠪᠤᠷᠴᠠᠭ ᠪᠠ ᠪᠤᠷᠴᠠᠭ ᠤᠨ ᠲᠦᠷᠦᠯ ᠤᠨ ᠢᠳᠡᠭᠡᠨ᠄ ᠬᠤᠨᠤᠭᠠᠳᠤᠢ ᠦᠭᠡᠬᠦᠨ ᠬᠦᠴᠢᠯ ᠡᠯᠪᠡᠭ | ᠠᠭᠤᠯᠤᠭᠳᠠᠬᠤ ᠪᠤᠯᠬᠤᠷ ᠪᠡᠶ᠎ᠡ ᠲᠤᠲᠤᠷᠠᠬᠢ ᠺᠤᠯᠧᠰᠲ᠋ᠧᠷᠤᠯ ᠢ ᠵᠠᠳᠠᠷᠠᠭᠤᠯᠵᠤ᠂ ᠦᠭᠡᠬᠦ ᠶᠢᠨ ᠰᠤᠯᠢᠯᠴᠠᠭ᠎ᠠ ᠶᠢ | ᠲᠦᠷᠭᠡᠳᠬᠡᠨ ᠠᠷᠠᠰᠤᠨ ᠳᠤᠤᠷ᠎ᠠ ᠦᠭᠡᠬᠦᠯᠢᠭ ᠪᠤᠳᠠᠰ ᠬᠤᠷᠠᠮᠳᠤᠬᠤ ᠠᠴᠠ ᠰᠡᠷᠭᠡᠶᠢᠯᠡᠵᠦ ᠴᠢᠳᠠᠨ᠎ᠠ᠃ | ᠲᠠᠤᠯᠠᠢ ᠶᠢᠨ ᠮᠢᠬ᠎ᠠ᠄ ᠲᠠᠤᠯᠠᠢ ᠶᠢᠨ ᠮᠢᠬᠠᠨ ᠳᠤ ᠤᠭᠤᠷᠠᠭ ᠪᠠ ᠦᠨᠳᠡᠭᠡᠨ ᠹᠤᠰᠹᠤᠷᠲᠤ ᠦᠭᠡᠬᠦ ᠡᠯᠪᠡᠭ | ᠠᠭᠤᠯᠤᠭᠳᠠᠵᠤ᠂ ᠦᠭᠡᠬᠦ ᠪᠠ ᠺᠤᠯᠧᠰᠲ᠋ᠧᠷᠤᠯ ᠴᠦᠭᠡᠨ ᠠᠭᠤᠯᠤᠭᠳᠠᠳᠠᠭ ᠪᠤᠯᠬᠤᠷ ᠨᠢᠭᠡ ᠵᠦᠢᠯ ᠤᠨ ᠰᠢᠮ᠎ᠡ ᠲᠡᠵᠢᠭᠡᠯ | ᠡᠯᠪᠡᠭ ᠢᠳᠡᠭᠡᠨ ᠪᠤᠯᠤᠨ᠎ᠠ᠃ | ᠵᠢᠭᠠᠰᠤᠨ ᠮᠢᠬ᠎ᠠ᠄ ᠵᠢᠭᠠᠰᠤᠨ ᠮᠢᠬᠠᠨ ᠳᠤ ᠤᠯᠠᠨ ᠵᠦᠢᠯ ᠤᠨ ᠬᠠᠨᠤᠭᠠᠳᠤᠢ ᠦᠭᠡᠬᠦᠨ ᠬᠦᠴᠢᠯ ᠡᠯᠪᠡᠭ | ᠠᠭᠤᠯᠤᠭᠳᠠᠬᠤ ᠪᠤᠯᠬᠤᠷ ᠺᠤᠯᠧᠰᠲ᠋ᠧᠷᠤᠯ ᠢ ᠪᠠᠭᠤᠷᠠᠭᠤᠯᠬᠤ ᠦᠢᠯᠡᠳᠦᠯ ᠲᠠᠢ ᠪᠦᠭᠡᠳ ᠯᠤᠭᠰᠢᠭᠤᠨ ᠰᠤᠳᠠᠯ ᠤᠨ | ᠬᠠᠲᠠᠭᠤᠷᠠᠯ ᠪᠠ ᠲᠢᠲᠢᠮ ᠯᠤᠭᠰᠢᠭᠤᠨ ᠰᠤᠳᠠᠯ ᠤᠨ ᠴᠢᠨᠠᠷᠲᠠᠢ ᠵᠢᠷᠦᠬᠡᠨ ᠡᠪᠡᠳᠴᠢᠨ ᠡᠭᠦᠰᠬᠦ ᠠᠴᠠ ᠰᠡᠷᠭᠡᠶᠢᠯᠡᠵᠦ | ᠴᠢᠳᠠᠨ᠎ᠠ᠃ | |