ᠪᠤᠴᠠᠯᠤᠭᠰᠠᠨ ᠤᠰᠤ ᠶᠢ ᠬᠦᠷᠦᠭᠡᠭᠡᠳ ᠨᠢᠭᠤᠷ ᠢᠶᠠᠨ ᠤᠭᠢᠶᠠᠪᠠᠯ ᠰᠠᠶᠢᠨ
ᠨᠡᠶᠢᠲᠡᠯᠡᠭᠰᠡᠨ ᠴᠠᠭ᠄
2017-01-18
       ᠬᠦᠷᠦᠭᠡᠭᠰᠡᠨ ᠪᠤᠴᠠᠯᠤᠭᠰᠠᠨ ᠤᠰᠤ ᠴᠢᠷᠠᠢ ᠵᠢᠰᠦ ᠶᠢ ᠭᠤᠸᠠᠯᠢᠭᠵᠢᠭᠤᠯᠬᠤ ᠦᠢᠯᠡᠳᠦᠯ ᠲᠠᠢ᠃ ᠦᠷᠭᠦᠯᠵᠢ ᠬᠦᠷᠦᠭᠡᠭᠰᠡᠨ ᠤᠰᠤ ᠪᠠᠷ ᠨᠢᠭᠤᠷ ᠭᠠᠷ ᠢᠶᠠᠨ ᠤᠭᠢᠶᠠᠪᠠᠯ ᠠᠷᠠᠰᠤᠨ ᠤ ᠡᠰ ᠨᠢ ᠤᠰᠤᠯᠢᠭ ᠰᠢᠨᠵᠢ ᠪᠠᠨ ᠬᠠᠳᠠᠭᠠᠯᠠᠵᠤ ᠴᠢᠳᠠᠬᠤ ᠪᠦᠭᠡᠳ ᠨᠢᠭᠤᠷ ᠭᠠᠷ ᠤᠨ ᠠᠷᠠᠰᠤ ᠵᠦᠭᠡᠯᠡᠨ᠂ ᠨᠠᠷᠢᠯᠢᠭ᠂ ᠭᠢᠯᠠᠭᠠᠷ᠂ ᠤᠶᠠᠨ ᠬᠠᠷᠢᠮᠠᠬᠠᠢ ᠴᠢᠨᠠᠷ ᠢᠶᠠᠷ ᠰᠠᠶᠢᠨ ᠪᠤᠯᠳᠠᠭ᠃ ᠤᠨᠴᠠᠭᠠᠶᠢᠯᠠᠨ ᠢᠳᠡᠷᠴᠦᠳ ᠦᠷᠭᠦᠯᠵᠢ ᠬᠦᠷᠦᠭᠡᠭᠰᠡᠨ ᠪᠤᠴᠠᠯᠤᠭᠰᠠᠨ ᠤᠰᠤ ᠪᠠᠷ ᠨᠢᠭᠤᠷ ᠭᠠᠷ ᠢᠶᠠᠨ ᠤᠭᠢᠶᠠᠪᠠᠯ ᠦᠩᠭᠡ ᠵᠢᠰᠦ ᠭᠤᠸᠠᠯᠢᠭᠵᠢᠵᠤ᠂ ᠬᠡᠵᠢᠶᠡᠳᠡ ᠵᠠᠯᠠᠭᠤ ᠶᠢᠨ ᠤᠪᠤᠷ ᠪᠠᠶᠢᠳᠠᠯ ᠢᠶᠠᠨ ᠬᠠᠳᠠᠭᠠᠯᠠᠵᠤ ᠴᠢᠳᠠᠨ᠎ᠠ᠃        ᠬᠦᠷᠦᠭᠰᠡᠨ ᠪᠤᠴᠠᠯᠤᠭᠰᠠᠨ ᠤᠰᠤ ᠶᠢᠨ ᠬᠡᠢ ᠪᠡᠶᠡᠲᠦ ᠶᠢᠨ ᠠᠭᠤᠯᠤᠭᠳᠠᠴᠠ ᠲᠤᠩ ᠳᠤᠤᠷ᠎ᠠ ᠶᠤᠮ᠃ ᠰᠢᠨᠵᠢᠯᠡᠬᠦ ᠤᠬᠠᠭᠠᠨᠲᠠᠳ ᠤᠨ ᠰᠤᠳᠤᠯᠤᠯᠲᠠ ᠶᠢ ᠦᠨᠳᠦᠰᠦᠯᠡᠪᠡᠯ᠂ ᠪᠤᠴᠠᠯᠤᠭᠰᠠᠨ ᠤᠰᠤ ᠠᠶᠠᠨᠳᠠᠭᠠᠨ ᠬᠦᠷᠦᠭᠡᠳ 20-25 ᠭᠷᠡᠳᠦ᠋ᠰ ᠪᠤᠯᠬᠤ ᠦᠶ᠎ᠡ ᠳᠤ ᠲᠡᠭᠦᠨ ᠤ ᠲᠤᠲᠤᠷ᠎ᠠ ᠠᠭᠤᠯᠤᠭᠳᠠᠬᠤ ᠬᠡᠢ ᠪᠡᠶᠡᠲᠦ ᠨᠢ ᠲᠦᠭᠦᠬᠡᠢ ᠤᠰᠤᠨ ᠤ ᠬᠢ ᠠᠴᠠ ᠬᠠᠭᠠᠰ ᠢᠶᠠᠷ ᠪᠠᠭᠠᠰᠴᠤ᠂ ᠤᠰᠤᠨ ᠤ ᠰᠢᠨᠵᠢ ᠴᠢᠨᠠᠷ ᠲᠤ ᠵᠤᠬᠢᠬᠤ ᠬᠤᠪᠢᠷᠠᠯᠲᠠ ᠭᠠᠷᠳᠠᠭ᠃ ᠡᠨᠡ ᠦᠶᠡᠰ ᠨᠢᠭᠤᠷ ᠢᠶᠠᠨ ᠤᠭᠢᠶᠠᠪᠠᠯ ᠤᠰᠤᠨ ᠤ ᠮᠤᠯᠧᠺᠦ᠋ᠯ ᠤᠨ ᠬᠤᠭᠤᠷᠤᠨᠳᠤᠬᠢ ᠲᠠᠲᠠᠯᠳᠤᠬᠤ ᠬᠦᠴᠦ ᠨᠡᠮᠡᠭᠳᠡᠨ ᠂ ᠨᠢᠭᠤᠷ ᠤᠨ ᠠᠷᠠᠰᠤ ᠨᠢᠭᠲᠠᠷᠠᠵᠤ ᠨᠡᠩ ᠭᠤᠸᠠᠯᠢᠭ ᠪᠤᠯᠳᠠᠭ᠃        ᠤᠨᠲᠠᠬᠤ ᠠᠴᠠ ᠡᠮᠦᠨ᠎ᠡ ᠪᠤᠶᠤ ᠦᠷᠯᠦᠭᠡ ᠪᠤᠰᠤᠮᠠᠭᠴᠠ ᠬᠦᠷᠦᠭᠰᠡᠨ ᠪᠤᠴᠠᠯᠤᠭᠰᠠᠨ ᠤᠰᠤ ᠪᠠᠷ ︽ᠨᠢᠳᠦ ᠪᠠᠨ ᠤᠭᠢᠶᠠᠪᠠᠯ︾ ᠨᠢᠳᠤᠷ ᠤᠯᠠᠮ ᠭᠡᠷᠡᠯᠳᠤᠵᠤ ᠬᠠᠷᠠᠴᠠ ᠰᠠᠶᠢᠵᠢᠷᠠᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号