ᠤᠶᠢᠷ᠎ᠠ ᠳᠤ᠂ ᠠᠮᠧᠷᠢᠺᠡ ᠶᠢᠨ ︽ᠠᠮᠢᠳᠤᠷᠠᠯ ᠤᠨ ᠰᠢᠨᠵᠢᠯᠡᠬᠦ ᠤᠬᠠᠭᠠᠨ︾ ᠰᠦᠯᠵᠢᠶᠡᠨ ᠤ | ᠦᠷᠲᠡᠭᠡᠨ ᠳᠤ ᠨᠡᠶᠢᠲᠡᠯᠡᠭᠰᠡᠨ ᠮᠡᠳᠡᠭᠡᠯᠡᠯ ᠢ ᠦᠨᠳᠦᠰᠦᠯᠡᠪᠡᠯ᠂ ᠠᠶᠢᠷᠯᠠᠨᠳ᠋ ᠤᠨ ᠪᠧᠷᠯᠢᠨ ᠶᠡᠭᠡ ᠰᠤᠷᠭᠠᠭᠤᠯᠢ ᠶᠢᠨ | ᠰᠡᠳᠬᠢᠴᠡ ᠶᠢᠨ ᠤᠬᠠᠭᠠᠨᠲᠠᠳ ᠤᠨ ᠤᠯᠵᠤ ᠮᠡᠳᠡᠭᠰᠡᠨ ᠢᠶᠠᠷ᠂ ᠬᠡᠷᠪᠡ ᠶᠠᠮᠠᠷ ᠨᠢᠭᠡᠨ ᠶᠠᠷᠢᠶᠠᠨ ᠤ ᠰᠡᠳᠦᠪ ᠲᠤ ᠬᠡᠳᠦᠢ | ᠶᠡᠭᠡ ᠰᠤᠨᠢᠷᠬᠠᠯ ᠲᠠᠢ ᠪᠤᠯ ᠲᠡᠳᠦᠢ ᠠᠮᠠᠷᠬᠠᠨ ᠲᠤᠰ ᠶᠠᠷᠢᠶᠠᠨ ᠤ ᠰᠡᠳᠦᠪ ᠲᠠᠢ ᠬᠠᠮᠢᠶ᠎ᠠ ᠲᠠᠢ ︽ᠠᠨᠳᠠᠭᠤ | ᠴᠡᠭᠡᠵᠢᠯᠡᠪᠦᠷᠢ︾ ᠪᠦᠷᠢᠯᠳᠦᠳᠡᠭ᠃ ᠰᠤᠳᠤᠯᠭᠠᠲᠠᠳ 489 ᠲᠤᠷᠰᠢᠯᠲᠠ ᠳᠤ ᠤᠷᠤᠯᠴᠠᠭᠴᠢ ᠳᠤ 7 ᠶᠠᠷᠢᠶᠠᠨ ᠤ | ᠰᠡᠳᠦᠪ ᠦᠭᠭᠦᠭᠡᠳᠦᠢ ᠲᠡᠳᠡᠨ ᠤ ᠰᠤᠨᠢᠷᠬᠠᠯ ᠤᠨ ᠳᠡᠰ ᠢ ᠦᠨᠡᠯᠡᠪᠡ᠃ ᠡᠳᠡᠭᠡᠷ ᠶᠠᠷᠢᠶᠡᠨ ᠤ ᠰᠡᠳᠦᠪ ᠲᠤ ᠬᠦᠯ | ᠪᠦᠮᠪᠦᠭᠡ᠂ ᠤᠯᠤᠰ ᠲᠦᠷᠦ᠂ ᠬᠤᠳᠠᠯᠳᠤᠭ᠎ᠠ ᠰᠢᠨᠵᠢᠯᠡᠬᠦ ᠤᠬᠠᠭᠠᠨ ᠮᠡᠷᠭᠡᠵᠢᠯ ᠬᠢᠭᠡᠳ ᠤᠷᠤᠰᠬᠠᠯ ᠳᠠᠭᠤᠤ ᠴᠦᠮ | ᠪᠤᠢ᠃ ᠵᠠᠯᠭᠠᠭᠠᠳ ᠰᠤᠳᠤᠯᠭᠠᠲᠠᠳ ᠲᠤᠷᠰᠢᠯᠲᠠ ᠳᠤ ᠤᠷᠤᠯᠴᠠᠭᠴᠢᠳ ᠲᠤ ᠡᠳᠡᠭᠡᠷ ᠶᠠᠷᠢᠶᠠᠨ ᠤ ᠰᠡᠳᠦᠪ ᠤᠨ | ᠬᠠᠮᠢᠶᠠᠲᠠᠢ ᠮᠡᠳᠡᠭᠡᠯᠡᠯ ᠢ ᠤᠩᠰᠢᠭᠤᠯᠵᠤ ᠪᠠᠷᠠᠭᠰᠠᠨ ᠤ ᠳᠠᠷᠠᠭ᠎ᠠ ᠶᠠᠮᠠᠷ ᠨᠢᠭᠡ ᠪᠤᠳᠠᠲᠠᠢ ᠡᠭᠦᠰᠦᠭᠰᠡᠨ ᠬᠡᠷᠡᠭ ᠤᠴᠢᠷ | ᠪᠠ ᠭᠠᠷᠴᠤ ᠦᠩᠭᠡᠷᠡᠭᠰᠡᠨ ᠦᠭᠡᠢ ᠬᠡᠷᠡᠭ ᠤᠴᠢᠷ ᠢ ᠪᠠᠭᠲᠠᠭᠠᠭᠰᠠᠨ ᠤᠨᠴᠠᠭᠠᠢ ᠬᠡᠷᠡᠭ ᠶᠠᠪᠤᠳᠠᠯ ᠤᠨ ᠲᠤᠬᠠᠢ | ᠴᠡᠭᠡᠵᠢᠯᠡᠭᠰᠡᠨ ᠢ ᠨᠢ ᠠᠰᠠᠭᠤᠵᠠᠢ᠃ ᠡᠭᠦᠨ ᠳᠤ᠂ ᠵᠦᠪᠬᠡᠨ 10% ᠨᠢ ᠲᠡᠳᠡᠨ ᠤ ᠰᠤᠨᠢᠷᠬᠠᠯ ᠦᠭᠡᠢ ᠶᠠᠷᠢᠶᠠᠨ ᠤ | ᠰᠡᠳᠦᠪ ᠢ ᠠᠨᠳᠠᠭᠤ ᠴᠡᠭᠡᠵᠢᠯᠡᠵᠦ᠂ 25% ᠨᠢ ᠬᠠᠷᠢᠨ ᠦᠪᠡᠷ ᠤᠨ ᠰᠤᠨᠢᠷᠬᠠᠯ ᠲᠠᠢ ᠶᠠᠷᠢᠶᠠᠨ ᠤ ᠰᠡᠳᠦᠪ ᠢᠶᠠᠨ | ᠠᠨᠳᠠᠭᠤ ᠴᠡᠭᠡᠵᠢᠯᠡᠭᠰᠡᠨ ᠪᠠᠶᠢᠨ᠎ᠠ᠃ ᠰᠤᠳᠤᠯᠭᠠᠨ ᠤ ᠦᠷ᠎ᠡ ᠳ᠋ᠦᠩ ᠳᠤ ᠦᠵᠡᠬᠦ ᠪᠠᠷ᠂ ᠤᠯᠠᠩᠬᠢ ᠬᠦᠮᠦᠰ | ᠦᠪᠡᠷ ᠤᠨ ᠰᠤᠨᠢᠷᠬᠠᠯ ᠲᠠᠢ ᠵᠦᠢᠯᠡᠰ ᠢᠶᠠᠨ ᠰᠠᠶᠢᠨ ᠴᠡᠭᠡᠵᠢᠯᠡᠬᠦ ᠲᠤᠬᠠᠢ ᠮᠠᠰᠢ ᠢᠲᠡᠭᠡᠯ ᠲᠠᠢ ᠪᠠᠶᠢᠳᠠᠭ ᠴᠦ | ᠴᠡᠭᠡᠵᠢᠯᠡᠭᠰᠡᠨ ᠨᠢ ᠬᠡᠳᠦᠢ ᠤᠯᠠᠨ ᠪᠤᠯ ᠠᠨᠳᠠᠭᠤᠷᠠᠬᠤ ᠨᠢ ᠲᠡᠳᠦᠢ ᠠᠷᠪᠢᠨ ᠪᠤᠯᠳᠠᠭ᠃ ᠡᠶᠢᠮᠦ ᠠᠴᠠ ᠦᠪᠡᠷ ᠤᠨ | ᠮᠡᠳᠡᠳᠡᠭ ᠴᠢᠳᠠᠳᠠᠭ ᠵᠦᠢᠯ ᠢᠶᠠᠨ ᠪᠤᠰᠤᠳ ᠲᠠᠢ ᠶᠠᠷᠢᠬᠤ ᠦᠶᠡᠰ ᠳᠡᠩᠳᠡᠭᠦᠦ ᠮᠡᠳᠡᠮᠡᠬᠡᠶᠢᠷᠡᠵᠦ ᠠᠯᠳᠠᠭ᠎ᠠ | ᠭᠠᠷᠭᠠᠬᠤ ᠠᠴᠠ ᠰᠡᠷᠭᠡᠶᠢᠯᠡᠭᠦᠰᠢᠲᠡᠢ᠃ |