ᠲᠦᠭᠦᠬᠡᠢ ᠭᠠ ᠬᠤᠲᠤᠷᠢᠩᠬᠠᠢ ᠭᠡᠳᠡᠰᠦᠨ ᠤ ᠦᠷᠪᠢᠰᠦᠯ ᠢ ᠰᠡᠷᠭᠡᠶᠢᠯᠡᠬᠦ ᠳᠤ ᠲᠤᠰᠠᠲᠠᠢ
ᠨᠡᠶᠢᠲᠡᠯᠡᠭᠰᠡᠨ ᠴᠠᠭ᠄
2016-10-26
       ᠤᠶᠢᠷ᠎ᠠ ᠳᠤ ᠠᠮᠧᠷᠢᠺᠡ ᠶᠢᠨ ᠮᠢᠰᠢᠭᠠᠨ ᠡᠮᠨᠡᠯᠭᠡ ᠶᠢᠨ ᠶᠡᠭᠡ ᠰᠤᠷᠭᠠᠭᠤᠯᠢ ᠶᠢᠨ ᠰᠤᠳᠤᠯᠭᠠᠲᠠᠳ ᠤᠨ ᠢᠯᠡᠷᠡᠭᠦᠯᠦᠭᠰᠡᠨ ᠢᠶᠠᠷ᠂ ᠲᠦᠭᠦᠬᠡᠢ ᠭᠠ ᠲᠠᠢ ᠡᠮ ᠤᠤᠭᠤᠪᠠᠯ ᠬᠤᠲᠤᠷᠢᠩᠬᠠᠢ ᠭᠡᠳᠡᠰᠦᠨ ᠤ ᠦᠷᠪᠢᠰᠦᠯ ᠳᠤ ᠵᠤᠬᠢᠬᠤ ᠡᠮᠨᠡᠬᠦ ᠦᠢᠯᠡᠳᠦᠯ ᠲᠠᠢ᠃ ᠰᠤᠳᠤᠯᠭᠠᠲᠠᠳ ᠬᠤᠲᠤᠷᠢᠩᠬᠠᠢ ᠭᠡᠳᠡᠰᠦᠨ ᠤ ᠦᠷᠪᠢᠰᠦᠯ ᠲᠠᠢ 60 ᠡᠪᠡᠳᠴᠢᠲᠡᠨ ᠢ ᠬᠤᠶᠠᠷ ᠳᠤᠭᠤᠶᠢᠯᠠᠩ ᠬᠤᠪᠢᠶᠠᠭᠠᠳ ᠨᠢᠭᠡ ᠳᠤᠭᠤᠶᠢᠯᠠᠩ ᠳᠤᠨᠢ ᠲᠦᠭᠦᠬᠡᠢ ᠭᠠ ᠠᠴᠠ ᠪᠤᠯᠪᠠᠰᠤᠷᠠᠭᠤᠯᠤᠨ ᠠᠪᠤᠭᠰᠠᠨ ᠬᠤᠮᠵᠢᠶ᠎ᠠ ᠤᠤᠭᠤᠯᠭᠠᠨ᠂ ᠨᠦᠭᠦᠭᠡ ᠨᠢᠭᠡ ᠳᠤᠭᠤᠶᠢᠯᠠᠩ ᠳᠤᠨᠢ ᠳᠠᠶᠢᠳᠬᠤᠷᠠᠭᠤᠯᠬᠤ ᠡᠮ ᠤᠤᠭᠤᠯᠭᠠᠵᠤ᠂ ᠲᠡᠳᠡᠨ ᠤ ᠭᠡᠳᠡᠰᠦᠨ ᠤ ᠰᠢᠩᠭᠡᠨ ᠵᠡᠷᠭᠡ ᠶᠢ ᠵᠠᠳᠠᠯᠬᠤ ᠪᠠᠷ ᠳᠠᠮᠵᠢᠭᠤᠯᠤᠨ ᠡᠮᠨᠡᠬᠦ ᠦᠢᠯᠡᠳᠦᠯ ᠢ ᠦᠨᠡᠯᠡᠪᠡ᠃ ᠡᠭᠦᠨ ᠤ ᠳ᠋ᠦᠩ ᠳᠤ᠂ ᠳᠠᠶᠢᠳᠬᠤᠷᠠᠭᠤᠯᠬᠤ ᠡᠮ ᠤᠤᠭᠤᠭᠰᠠᠨ ᠡᠪᠡᠳᠴᠢᠲᠡᠨ ᠲᠠᠢ ᠬᠠᠷᠢᠴᠠᠭᠤᠯᠪᠠᠯ ᠲᠦᠭᠦᠬᠡᠢ ᠭᠠ ᠠᠴᠠ ᠪᠤᠯᠪᠠᠰᠤᠷᠠᠭᠤᠯᠤᠨ ᠠᠪᠤᠭᠰᠠᠨ ᠡᠮ ᠢ ᠤᠤᠭᠤᠭᠰᠠᠨ ᠡᠪᠡᠳᠴᠢᠲᠡᠨ ᠤ ᠬᠤᠲᠤᠷᠢᠩᠬᠠᠢ ᠭᠡᠳᠡᠰᠦᠨ ᠤ ᠦᠷᠪᠢᠰᠦᠯ ᠤᠨ ᠭᠦᠢᠴᠡᠳᠬᠡᠯ ᠬᠦᠰᠦᠨᠦᠭᠲᠦ ᠨᠢ ᠴᠦᠮ ᠵᠠᠬᠢᠬᠤ ᠬᠡᠮᠵᠢᠶ᠎ᠡ ᠪᠠᠷ ᠪᠠᠭᠤᠷᠠᠬᠤ ᠬᠠᠨᠳᠤᠰᠢ  ᠲᠠᠢ ᠪᠠᠶᠢᠪᠠ᠃ ︽ᠦᠮᠡᠨ ᠤ ᠰᠡᠷᠭᠡᠶᠢᠯᠡᠯᠲᠡ ᠶᠢᠨ ᠰᠤᠳᠤᠯᠤᠯ︾ ᠰᠡᠳᠬᠦᠯ ᠳᠡᠭᠡᠷ᠎ᠡ ᠨᠡᠶᠢᠲᠡᠯᠡᠭᠳᠡᠭᠰᠡᠨ ᠲᠤᠰ ᠰᠤᠳᠤᠯᠭᠠᠨ ᠳᠤ ᠰᠠᠨᠠᠭᠤᠯᠤᠭᠰᠠᠨ ᠢᠶᠠᠷ᠂ ᠬᠠᠷᠢᠴᠠᠩᠭᠤᠢ ᠪᠠᠷ ᠳᠦᠭᠦᠬᠡᠢ ᠭᠠ ᠢᠳᠡᠳᠡᠭ ᠦᠭᠡᠢ ᠬᠦᠮᠦᠨ ᠲᠠᠢ ᠬᠠᠷᠢᠴᠠᠭᠤᠯᠪᠠᠯ᠂ ᠳᠦᠭᠦᠬᠡᠢ ᠭᠠ ᠬᠡᠪ ᠢᠶᠠᠷ ᠢᠳᠡᠳᠡᠭ ᠬᠦᠮᠦᠨ ᠤ ᠬᠤᠲᠤᠷᠢᠩᠬᠠᠢ ᠭᠡᠳᠡᠰᠦᠨ ᠤ ᠦᠷᠪᠢᠰᠦᠯ ᠳᠤ ᠨᠡᠷᠪᠡᠭᠳᠡᠬᠦ ᠨᠤᠷᠮ᠎ᠠ 28% ᠪᠠᠷ ᠳᠤᠷᠤᠭᠰᠢᠯᠠᠳᠠᠭ᠃ ᠭᠡᠶ᠎ᠡ ᠡᠨᠡ ᠨᠢ ᠵᠦᠪᠬᠡᠨ ᠠᠩᠬ᠎ᠠ ᠠᠯᠬᠤᠮ ᠤᠨ ᠰᠤᠳᠤᠯᠭᠠᠨ ᠲᠤᠯᠠ ᠦᠷᠭᠡᠨ ᠤᠯᠠᠨ ᠡᠪᠡᠳᠴᠢᠲᠡᠨ ᠡᠪᠡᠳᠴᠢᠨ ᠢᠶᠠᠨ ᠡᠮᠨᠡᠬᠦ ᠵᠤᠷᠢᠯᠭ᠎ᠠ ᠪᠠᠷ ᠲᠦᠭᠦᠬᠡᠢ ᠭᠠ ᠶᠢ ᠶᠡᠭᠡ ᠬᠡᠮᠵᠢᠶ᠎ᠡ ᠪᠠᠷ ᠢᠳᠡᠵᠦ ᠪᠤᠯᠬᠤ ᠦᠭᠡᠢ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号