| ᠤᠶᠢᠷ᠎ᠠ ᠳᠤ ᠠᠮᠧᠷᠢᠺᠡ ᠶᠢᠨ ︽ᠡᠷᠡᠴᠦᠦᠯ︾ ᠰᠦᠯᠵᠢᠶᠡᠨ ᠤ ᠠᠮᠧᠷᠢᠺᠡ ᠶᠢᠨ ᠪᠢᠨᠰᠢᠹᠠᠨᠢᠶᠠ ᠶᠡᠭᠡ | ᠰᠤᠷᠭᠠᠭᠤᠯᠢ ᠶᠢᠨ ᠠᠮᠠᠨ ᠬᠦᠨᠳᠡᠢ ᠶᠢᠨ ᠠᠨᠠᠭᠠᠬᠤ ᠤᠬᠠᠭᠠᠨ ᠤ ᠳᠡᠭᠡᠳᠦ ᠰᠤᠷᠭᠠᠭᠤᠯᠢ ᠶᠢᠨ ᠪᠤᠶᠢᠯᠡ ᠶᠢᠨ | ᠡᠪᠡᠳᠴᠢᠨ ᠤ ᠲᠤᠬᠠᠢ ᠰᠤᠳᠤᠯᠭᠠᠲᠠᠳ ᠰᠢᠳᠦ ᠶᠢ ᠬᠤᠬᠢᠷᠠᠭᠤᠯᠳᠠᠭ ᠮᠠᠭᠤ ᠳᠠᠳᠬᠠᠯ ᠢ ᠳ᠋ᠦᠩᠨᠡᠵᠡᠢ᠃ | ᠰᠢᠬᠢᠷ ᠦᠭᠡᠶᠢᠲᠡᠭᠦᠯᠦᠭᠰᠡᠨ ᠤᠮᠳᠠᠭᠠᠨ ᠤᠤᠭᠤᠬᠤ᠃ ᠠᠦ᠋ᠰᠲᠷᠠᠯᠢᠶ᠎ᠠ ᠶᠢᠨ ᠮᠤᠷᠪᠧᠨ ᠶᠡᠭᠡ | ᠰᠤᠷᠭᠠᠭᠤᠯᠢ ᠶᠢᠨ ᠠᠮᠠᠨ ᠬᠦᠨᠳᠡᠢ ᠶᠢᠨ ᠡᠷᠡᠭᠦᠯᠵᠢᠯ ᠤᠨ ᠰᠤᠳᠤᠯᠭᠠᠨ ᠤ ᠲᠦᠪ 23 ᠵᠦᠢᠯ ᠤᠨ ᠰᠢᠬᠢᠷ | ᠦᠭᠡᠶᠢᠲᠡᠭᠦᠯᠦᠭᠰᠡᠨ ᠤᠮᠳᠠᠭᠠᠨ ︵ᠵᠢᠮᠢᠰ ᠤᠨ ᠠᠮᠳᠠᠲᠤ ᠷᠠᠰᠢᠶᠠᠨ᠂ ᠵᠦᠭᠡᠯᠡᠨ ᠤᠮᠳᠠᠭᠠᠨ᠂ ᠲᠠᠮᠢᠷ ᠤᠨ | ᠬᠦᠳᠡᠯᠭᠡᠭᠡᠨ ᠤ ᠤᠮᠳᠠᠭᠠᠨ ᠵᠡᠷᠭᠡ ᠪᠠᠭᠲᠠᠨ᠎ᠠ︶ ᠳᠤ ᠪᠠᠶᠢᠴᠠᠭᠠᠯᠲᠠ ᠬᠢᠭᠡᠳ ᠲᠡᠳᠡᠭᠡᠷ ᠤᠮᠳᠠᠭᠠᠨ ᠤ ᠲᠤᠲᠤᠷ᠎ᠠ | ᠰᠢᠳᠦ ᠶᠢ ᠢᠳᠡᠭᠳᠡᠭᠦᠯᠬᠦ ᠨᠢᠮᠪᠡᠭᠡ ᠶᠢᠨ ᠬᠦᠴᠢᠯ ᠪᠠᠶᠢᠳᠠᠭ ᠢ ᠤᠯᠵᠤ ᠮᠡᠳᠡᠵᠡᠢ᠃ ᠡᠶᠢᠮᠦ ᠠᠴᠠ ᠶᠡᠷᠦ ᠳᠡᠭᠡᠨ | ᠪᠤᠴᠠᠯᠤᠭᠰᠠᠨ ᠤᠰᠤ ᠪᠤᠶᠤ ᠷᠠᠰᠢᠶᠠᠨ ᠤᠤᠭᠤᠵᠤ᠂ ᠠᠮᠲᠠᠲᠤ ᠤᠮᠳᠠᠭᠠᠨ ᠪᠤᠶᠤ ᠰᠢᠬᠢᠷ ᠦᠭᠡᠶᠢᠲᠡᠭᠦᠯᠦᠭᠰᠡᠨ | ᠤᠮᠳᠠᠭᠠᠨ ᠪᠠᠭ᠎ᠠ ᠤᠤᠭᠤᠭᠠᠷᠠᠢ ᠭᠡᠵᠦ ᠰᠠᠨᠠᠭᠤᠯᠵᠤ ᠪᠤᠢ᠃ | ᠰᠡᠯᠡᠳ᠋ ᠳᠡᠩᠳᠡᠭᠦᠦ ᠢᠳᠡᠬᠦ᠃ ᠰᠡᠯᠡᠳ᠋ ᠲᠤ ᠶᠡᠭᠡ ᠬᠡᠮᠵᠢᠶᠡᠨ ᠤ ᠺᠠᠯᠼ ᠬᠢᠭᠡᠳ ᠮᠠᠭᠨᠢ ᠠᠭᠤᠯᠤᠭᠳᠠᠨ᠂ | ᠬᠦᠮᠦᠨ ᠤ ᠪᠡᠶ᠎ᠡ ᠶᠢᠨ ᠡᠷᠡᠭᠦᠯ ᠮᠡᠨᠳᠦ ᠳᠤ ᠮᠠᠰᠢ ᠠᠰᠢᠭᠲᠠᠢ ᠪᠠᠶᠢᠳᠠᠭ ᠴᠦ ᠠᠮᠠᠨ ᠬᠦᠨᠳᠡᠢ ᠳᠤ ᠰᠢᠳᠦᠨ ᠤ ᠬᠠᠭ | ᠬᠤᠷᠠᠭᠤᠯᠤᠨ᠂ ᠰᠢᠳᠦᠨ ᠤ ᠬᠠᠭ ᠲᠠᠬᠢ ᠪᠠᠺᠲ᠋ᠧᠷᠢ ᠨᠢ ᠰᠢᠳᠦ ᠪᠤᠯᠤᠨ ᠪᠦᠢᠯᠡ ᠶᠢ ᠬᠤᠬᠢᠷᠠᠭᠤᠯᠳᠠᠭ᠃ ᠡᠶᠢᠮᠦ ᠠᠴᠠ | ᠰᠡᠯᠡᠳ᠋ ᠲᠠᠢ ᠢᠳᠡᠭᠡᠨ ᠢᠳᠡᠭᠰᠡᠨ ᠤ ᠳᠠᠷᠠᠭ᠎ᠠ ᠠᠮᠠ ᠪᠠᠨ ᠵᠠᠶᠢᠯᠬᠤ ᠪᠤᠶᠤ ᠰᠢᠳᠦ ᠪᠠᠨ ᠤᠭᠢᠶᠠᠭᠠᠷᠠᠢ᠃ | | ᠳᠡᠩᠳᠡᠭᠦᠦ ᠬᠦᠴᠢᠯᠯᠢᠭ ᠢᠳᠡᠭᠡᠨ ᠢᠳᠡᠬᠦ᠃ ᠬᠦᠴᠢᠯᠯᠢᠭ ᠢᠳᠡᠭᠡᠨ ᠰᠢᠳᠦᠨ ᠤ ᠦᠩᠭᠦᠷ ᠢ ᠶᠡᠬᠡᠪᠡᠷ | ᠬᠤᠬᠢᠷᠠᠭᠤᠯᠳᠠᠭ᠃ ᠬᠦᠴᠢᠯᠯᠢᠭ ᠴᠢᠨᠠᠷᠲᠠᠢ ᠢᠳᠡᠭᠡᠨ ᠰᠢᠯᠦᠰᠦᠨ ᠳᠠᠬᠢ PH ᠬᠡᠮᠵᠢᠭᠳᠡᠯ ᠢ ᠪᠠᠭᠤᠷᠠᠭᠤᠯᠤᠨ᠂ | ᠡᠭᠦᠨ ᠤ ᠤᠯᠠᠮ ᠠᠴᠠ ᠰᠢᠳᠦ ᠶᠢ ᠢᠳᠡᠭᠳᠡᠭᠦᠯᠳᠡᠭ᠃ ᠬᠡᠷᠪᠡ ᠭᠤᠤᠯ ᠬᠤᠭᠤᠯᠠ ᠪᠠᠨ ᠢᠳᠡᠭᠰᠡᠨ ᠤ 20-30 | ᠮᠢᠨᠦ᠋ᠲ ᠤᠨ ᠳᠠᠷᠠᠭ᠎ᠠ ᠠᠮᠠᠨ ᠬᠦᠨᠳᠡᠢ ᠪᠠᠨ ᠴᠡᠪᠡᠷᠯᠡᠬᠦ ᠦᠭᠡᠢ ᠪᠤᠯ ᠭᠤᠤᠯ ᠢᠳᠡᠭᠡᠨ ᠳᠠᠬᠢ ᠬᠡᠰᠡᠭ | ᠬᠦᠳᠡᠷᠵᠢᠭᠦᠯᠦᠭᠰᠡᠨ ᠡᠳ᠋ ᠨᠢ ᠰᠢᠬᠢᠷ ᠪᠤᠯᠵᠤ ᠬᠤᠪᠢᠷᠠᠨ ᠰᠢᠳᠦ ᠶᠢ ᠢᠳᠡᠭᠳᠡᠭᠦᠯᠳᠡᠭ᠃ |