ᠬᠡᠦᠬᠡᠳ ᠲᠤ ᠭᠠᠷ ᠤᠳᠠᠰᠤ ᠲᠤᠭᠯᠠᠭᠤᠯᠬᠤ ᠦᠭᠡᠢ ᠪᠠᠶᠢᠬᠤ ᠠᠷᠪᠠᠨ ᠰᠢᠯᠲᠠᠭᠠᠨ
ᠨᠡᠶᠢᠲᠡᠯᠡᠭᠰᠡᠨ ᠴᠠᠭ᠄
2017-03-24
       ᠬᠡᠦᠬᠡᠳ ᠤᠭᠢᠯᠠᠩᠨᠠᠭᠠᠳ ᠪᠠᠶᠢᠪᠠᠯ ᠭᠠᠷ ᠤᠲᠠᠰᠤ ᠶᠤᠮ ᠦᠦ᠂ ipad ᠦᠭᠴᠦ ᠲᠠᠶᠢᠪᠤᠰᠢᠷᠠᠭᠤᠯᠳᠠᠭ ᠦᠦ ︖ ᠲᠡᠭᠡᠪᠡᠯ ᠲᠠ ᠳᠤᠤᠷᠠᠬᠢ ᠠᠷᠪᠠᠨ ᠲᠤᠭᠯᠠᠭᠤᠯᠬᠤ ᠦᠭᠡᠢ ᠪᠠᠶᠢᠬᠤ ᠰᠢᠯᠲᠠᠭᠠᠨ ᠢ ᠮᠡᠳᠡᠬᠦ ᠬᠡᠷᠡᠭᠲᠡᠢ᠃ ᠭᠠᠷ ᠤᠲᠠᠰᠤ ᠵᠡᠷᠭᠡ ᠪᠠᠷ ᠡᠳᠦᠷ ᠲᠤ ᠳᠦᠷᠪᠡᠨ ᠴᠠᠭ ᠪᠤᠶᠤ ᠲᠡᠭᠦᠨ ᠠᠴᠠ ᠤᠷᠲᠤ ᠴᠠᠭ ᠲᠤᠭᠯᠠᠳᠠᠭ 3-5 ᠨᠠᠰᠤᠨ ᠤ ᠬᠡᠦᠬᠡᠳ ᠤᠨ ᠬᠤᠪᠢ ᠳᠤ ᠮᠠᠰᠢ ᠬᠦᠨᠳᠦ ᠲᠦᠷᠦᠯ ᠤᠨ ᠬᠠᠷᠢᠯᠴᠠᠭᠠᠨ ᠤ ᠡᠮᠬᠡᠭ ᠲᠠᠢ ᠪᠤᠯᠬᠤ ᠮᠦᠷᠲᠡᠭᠡᠨ ᠦᠰᠦᠯᠲᠡ ᠪᠤᠶᠢᠵᠢᠯᠲᠠ ᠨᠢ ᠤᠳᠠᠭᠠᠰᠢᠷᠠᠬᠤ ᠢᠯᠡᠷᠡᠯ ᠲᠠᠢ ᠪᠠᠶᠢᠳᠠᠭ᠃ ᠲᠡᠶᠢᠮᠦ ᠠᠴᠠ ᠡᠮᠴᠢ᠂ ᠮᠡᠷᠭᠡᠵᠢᠯᠲᠡᠳ ᠠᠴᠠ ᠡᠴᠢᠭᠡ ᠡᠬᠡ ᠪᠤᠯᠤᠭᠰᠠᠳ ᠲᠤ ᠠᠷᠪᠠᠨ ᠬᠤᠶᠠᠷ ᠨᠠᠰᠤ ᠬᠦᠷᠬᠦ ᠠᠴᠠ ᠡᠮᠦᠨ᠎ᠡ ᠭᠠᠷ ᠤᠲᠠᠰᠤ ᠪᠤᠯᠤᠨ ᠪᠤᠰᠤᠳ ᠲᠦᠰᠲᠡᠢ ᠲᠦᠬᠦᠭᠡᠷᠦᠮᠵᠢ ᠨᠦᠭᠦᠳ ᠠᠴᠠ ᠬᠤᠯᠠ ᠪᠠᠶᠢᠯᠭᠠᠬᠤ ᠶᠢ ᠤᠷᠢᠶᠠᠯᠠᠵᠤ ᠪᠠᠶᠢᠨ᠎ᠠ᠃ ᠡᠳᠡᠭᠡᠷ ᠠᠷᠪᠠᠨ ᠰᠢᠯᠲᠠᠭᠠᠨ ᠢ ᠵᠠᠪᠠᠯ ᠮᠡᠳᠡᠵᠦ ᠠᠪᠬᠤ ᠬᠡᠷᠡᠭᠲᠡᠢ᠃        ᠨᠢᠭᠡ᠂ ᠭᠠᠷ ᠤᠲᠠᠰᠤᠨ ᠤ ᠨᠦᠯᠦᠭᠡ ᠨᠢ 0-2 ᠨᠠᠰᠤᠨ ᠤ ᠬᠡᠦᠬᠡᠳ ᠤᠨ ᠳᠠᠷᠢᠬᠢᠨ ᠤ ᠲᠤᠭᠲᠠᠮᠠᠯ ᠬᠦᠭᠵᠢᠯ ᠢ ᠰᠦᠷᠭᠦ ᠪᠠᠷ ᠨᠦᠯᠦᠭᠡᠯᠡᠳᠡᠭ᠃        ᠬᠤᠶᠠᠷ᠂ ᠡᠳᠡᠭᠡᠷ ᠨᠢ ᠬᠦᠳᠡᠯᠭᠡᠭᠡᠨ ᠢ ᠬᠢᠵᠠᠭᠠᠷᠯᠠᠵᠤ ᠪᠡᠶ᠎ᠡ ᠶᠢᠨ ᠦᠰᠦᠯᠲᠡ ᠪᠤᠶᠢᠵᠢᠯᠲᠠ ᠶᠢ ᠤᠳᠠᠭᠠᠰᠢᠷᠠᠭᠤᠯᠬᠤ ᠬᠦᠨᠦᠭᠡᠯ ᠲᠠᠢ᠃        ᠭᠤᠷᠪᠠ᠂ ᠲᠧᠯᠸᠢᠰ᠂ ᠺᠤᠮᠫᠢᠦ᠋ᠲ᠋ᠧᠷ ᠨᠢ ᠬᠡᠦᠬᠡᠳ ᠢ ᠮᠠᠷᠢᠶ᠎ᠠ ᠲᠠᠢ ᠪᠤᠯᠭᠠᠳᠠᠭ᠃        ᠳᠦᠷᠪᠡ᠂ ᠤᠨᠲᠠᠬᠤ ᠠᠴᠠ ᠪᠠᠨ ᠡᠮᠦᠨ᠎ᠡ ᠲᠧᠯᠸᠢᠰ᠂ ᠺᠤᠮᠫᠢᠦ᠋ᠲ᠋ᠧᠷ ᠦᠵᠡᠳᠡᠭ ᠬᠡᠦᠬᠡᠳ ᠨᠤᠶᠢᠷ ᠤᠨ ᠲᠤᠲᠠᠭᠳᠠᠯ ᠳᠤ ᠤᠷᠤᠳᠠᠭ᠃        ᠲᠠᠪᠤ᠂ ᠬᠡᠲᠦ ᠶᠡᠭᠡ ᠲᠧᠭᠨᠢᠦᠯᠦᠭᠢ ᠶᠢᠨ ᠬᠡᠷᠡᠭᠯᠡᠭᠡ ᠨᠢ ᠬᠤᠭᠤᠯᠠᠨ ᠤ ᠳᠤᠷᠠᠰᠢᠯ᠂ ᠠᠭᠠᠰᠢ ᠠᠪᠤᠷᠢ ᠶᠢ ᠨᠢ ᠰᠦᠷᠭᠦ ᠪᠠᠷ ᠨᠦᠯᠦᠭᠡᠯᠡᠳᠡᠭ᠃        ᠵᠢᠷᠭᠤᠭ᠎ᠠ᠂ ᠲᠤᠭᠯᠠᠭᠠᠮ᠂ ᠺᠢᠨᠤ᠋ ᠶᠢᠨ ᠳᠡᠭᠡᠷ᠎ᠡ ᠭᠠᠷᠳᠠᠭ ᠬᠦᠴᠦᠷᠬᠡᠭᠯᠡᠯ ᠨᠢ ᠬᠡᠦᠬᠡᠳ ᠢ ᠠᠭᠤᠷ ᠤᠴᠠᠭᠠᠷ  ᠲᠠᠢ ᠪᠤᠯᠭᠠᠵᠤ᠂ ᠰᠡᠳᠬᠢᠴᠡ ᠵᠦᠢ ᠶᠢᠨ ᠬᠤᠪᠢ ᠳᠤ ᠭᠡᠮ ᠡᠮᠬᠡᠭ ᠲᠠᠢ ᠪᠤᠯᠭᠠᠳᠠᠭ᠃        ᠳᠤᠯᠤᠭ᠎ᠠ᠂ ᠬᠡᠲᠦ ᠶᠡᠭᠡ ᠲᠤᠭᠯᠠᠭᠠᠮ ᠤᠨ ᠵᠦᠢᠯ᠂ ᠬᠡᠦᠬᠡᠯᠲᠡᠢ ᠵᠦᠴᠦᠭᠡ ᠦᠵᠡᠬᠦ ᠨᠢ ᠬᠡᠦᠬᠡᠳ ᠤᠨ ᠤᠢ ᠰᠠᠨᠠᠮᠵᠢ᠂ ᠲᠦᠪᠯᠡᠷᠡᠬᠦ ᠴᠢᠳᠠᠪᠤᠷᠢ ᠶᠢ ᠪᠠᠭᠤᠷᠠᠭᠤᠯᠳᠠᠭ᠃        ᠨᠠᠢᠮᠠ᠂ 8-18 ᠨᠠᠰᠤᠨ ᠤ ᠬᠡᠦᠬᠡᠳ ᠤᠳ ᠤᠨ 10% ᠨᠢ ᠲᠧᠭᠨᠢᠦᠯᠦᠭᠢ ᠶᠢᠨ ᠲᠦᠷᠦᠯ ᠪᠦᠷᠢ ᠶᠢᠨ ᠬᠡᠷᠡᠭᠯᠡᠭᠡᠨ ᠳᠤ ᠬᠦᠴᠦᠲᠡᠢ ᠰᠢᠨᠤᠬᠠᠶᠢᠷᠠᠵᠤ ᠪᠠᠶᠢᠨ᠎ᠠ᠃        ᠶᠢᠰᠦ᠂ ᠡᠯᠧᠺᠲᠷᠤᠨ ᠲᠦᠬᠦᠭᠡᠷᠦᠮᠵᠢ ᠠᠴᠠ ᠢᠯᠭᠠᠷᠠᠵᠤ ᠪᠤᠢ ᠰᠠᠴᠤᠷᠠᠭ ᠲᠤ ᠨᠦᠯᠦᠭᠡᠯᠡᠭᠳᠡᠳᠡᠭ᠃        ᠠᠷᠪᠠ᠂ ᠲᠧᠭᠨᠢᠦᠯᠦᠭᠢ ᠶᠢᠨ ᠲᠤᠰᠠᠯᠠᠮᠵᠢ ᠲᠠᠢ ᠬᠦᠮᠦᠵᠢᠭᠰᠡᠨ᠂ ᠰᠤᠷᠤᠯᠴᠠᠭᠰᠠᠨ ᠬᠡᠦᠬᠡᠳ ᠤᠨ ᠮᠡᠳᠡᠯᠭᠡ ᠲᠤᠭᠲᠠᠪᠤᠷᠢ ᠦᠭᠡᠢ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号